ᠮᠡᠳᠡᢉᠡ ᠮᠡᠳᠡᢉᠡᠯᠡᠯ

ᠣ‍᠂ᠤ‍᠂ᠴᠧ‍᠂ᠬᠣ‍᠂ᠪᠠ‍᠆ᠶ᠋ᠢᠨ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠷᠠᠳᠢᠣ᠋ ᠬᠣᠯᠪᠤᠭᠠᠨ ᠤ᠋ ᠰᠧᠮᠢᠨᠠᠷ ᠮᠣᠩᠭᠣᠯ ᠤᠯᠤᠰ ᠲᠤ ᠠᠩᠬ᠎ᠠ ᠤᠳᠠᠭ᠎ᠠ ᠵᠣᢈᠢᠶᠠᠨ ᠪᠠᠶᠢᠭᠤᠯᠤᠭᠳᠠᠯ᠎ᠠ

ᠲᠠᠪᠤᠨ ᠡᠳᠦᠷ ᠦᠷᢉᠦᠯᠵᠢᠯᠡᢉᠰᠡᠨ ᠡᠨᠡ ᢈᠦ ᠠᠷᠭ᠎ᠠ ᢈᠡᠮᠵᠢᠶᠡᠨ ᠳ᠋ᠦ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠑᠕ ᠤᠯᠤᠰ ᠤ᠋ᠨ ᠑᠘ ᠲᠥᠯᠦᢉᠡᠯᠡᢉᠴᠢ᠂ᠮᠣᠩᠭᠣᠯ ᠤᠯᠤᠰ ᠤ᠋ᠨ ᠲᠥᠷᠦ᠂ ᠬᠤᠪᠢ ᠶ᠋ᠢᠨ ᢈᠡᠪᠰᠢᠯ᠂ ᠶᠡᢈᠡ᠂ ᠳᠡᢉᠡᠳᠦ ᠰᠤᠷᠭᠠᠭᠤᠯᠢ᠂ ᠰᠠᠯᠪᠤᠷᠢ ᠶ᠋ᠢᠨ ᠒᠕ ᠪᠠᠶᠢᠭᠤᠯᠤᠯᠭ᠎ᠠ ᠶ᠋ᠢᠨ ᠑᠑᠒ ᠲᠥᠯᠦᢉᠡᠯᠡᢉᠴᠢ ᠪᠤᠶᠤ ᠨᠡᠶᠢᠲᠡ ᠑᠓᠐ ᠣᠷᠤᠯᠴᠠᠭᠴᠢ ᠲᠠᠩᢈᠢᠮ ᠪᠣᠯᠤᠨ ᠴᠠᢈᠢᠮ ᠢ᠋ᠶᠠᠷ ᠣᠷᠤᠯᠴᠠᠪᠠ᠃

ᠳᠡᠯᢉᠡᠷᠡᠩᢉᠦᠢ

᠒᠐᠒᠖-᠐᠙-᠒᠕

ᠠᠵᠢᠯᠲᠠᠨ ᠨᠤᠭᠤᠳ ᠢ᠋ᠶᠠᠨ ᠮᠡᠷᢉᠡᠰᠢᢉᠦᠯᢈᠦ᠂ ᠴᠢᠳᠠᠪᠤᠷᠢᠵᠢᠭᠤᠯᠬᠤ ᠰᠠᠨᠠᠭᠠᠴᠢᠯᠭ᠎ᠠ ᠶ᠋ᠢᠨ ᢈᠦᠷᠢᠶᠡᠨ ᠳ᠋ᠦ GSMA᠆ᠲᠠᠢ ᠬᠠᠮᠲᠤᠷᠠᠨ ᠕G ᠪᠣᠯᠤᠨ ᠳᠠᠷᠠᠭ᠎ᠠ ᠦᠶ᠎ᠡ ᠶ᠋ᠢᠨ ᠰᠫᠧᠻᠲ᠋ᠷ ᠦ᠋ᠨ ᠰᠲ᠋ᠷᠠᠲ᠋ᠧᢉᠢ ᠰᠡᠳᠦᠪᠲᠦ ᠰᠤᠷᠭᠠᠯᠲᠠ ᠵᠣᢈᠢᠶᠠᠨ ᠪᠠᠶᠢᠭᠤᠯᠤᠯ᠎ᠠ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ ᠨᠢ ᢈᠦᠮᠦᠨ ᠦ᠋ ᠨᠥᢉᠡᠴᠡ ᠶ᠋ᠢ ᢈᠥᢉᠵᠢᢉᠦᠯᢈᠦ᠂ᠠᠵᠢᠯᠲᠠᠨ ᠨᠤᠭᠤᠳ ᠤ᠋ᠨ ᠢ᠋ᠶᠠᠨ ᠮᠡᠳᠡᠯᢉᠡ᠂ ᠤᠷ᠎ᠠ ᠴᠢᠳᠠᠪᠤᠷᠢ ᠶ᠋ᠢ ᠳᠡᢉᠡᢉᠰᠢᠯᠡᢉᠦᠯᢈᠦ ᠵᠣᠷᠢᠯᠭ᠎ᠠ ᠪᠠᠷ GSMA (ᠣᠯᠠᠨ ᠤᠯᠤᠰ ᠤ᠋ᠨ ᠡᢉᠦᠷ ᠦ᠋ᠨ ᠬᠣᠯᠪᠤᠭᠠᠨ ᠤ᠋ ᠬᠣᠯᠪᠤᠭ᠎ᠠ)-ᠲᠠᠢ ᠬᠠᠮᠲᠤᠷᠠᠨ “ᢈᠥᠳᠡᠯᢉᠡᢉᠡᠨᠲᠦ ᠬᠣᠯᠪᠤᠭᠠᠨ ᠤ᠋ ᢈᠥᢉᠵᠢᠯ ᠢ᠋ ᠤᠷᠤᠭᠰᠢᠯᠠᠭᠤᠯᠬᠤ ᠨᠢ: ᠕G ᠪᠣᠯᠤᠨ ᠳᠠᠷᠠᠭ᠎ᠠ ᠦᠶ᠎ᠡ ᠶ᠋ᠢᠨ ᠰᠫᠧᠻᠲ᠋ᠷ ᠦ᠋ᠨ ᠰᠲ᠋ᠷᠠᠲ᠋ᠧᢉᠢ” (Advancing Mobile Frontiers: Spectrum Strategies for ᠕G and Beyond) ᠰᠡᠳᠦᠪᠲᠦ ᠰᠤᠷᠭᠠᠯᠲᠠ ᠶ᠋ᠢ ᠒᠐᠒᠖ ᠣᠨ ᠤ᠋ ᠙ ᠳ᠋ᠦ᠋ᢉᠡᠷ ᠰᠠᠷ᠎ᠠ ᠶ᠋ᠢᠨ ᠒᠓᠆ᠤ᠋ ᠡᠳᠦᠷ ᠵᠣᢈᠢᠶᠠᠨ ᠪᠠᠶᠢᠭᠤᠯᠤᠯ᠎ᠠ᠃

ᠳᠡᠯᢉᠡᠷᠡᠩᢉᠦᠢ

᠒᠐᠒᠖-᠐᠙-᠒᠕

“ᠴᠠᢈᠢᠮ ᠳᠡᢉᠡᠷᠡᠯᢈᠡᠯᠲᠡ ᠡᠴᠡ ᠰᠡᠷᢉᠡᠶᠢᠯᠡᠶ᠎ᠡ” ᠠᠶᠠᠨ ᠤ᠋ ᠨᠡᢉᠡᢉᠡᠯᠲᠡ ᠪᠣᠯᠤᠯ᠎ᠠ

ᠮᠣᠩᠭᠣᠯ ᠤᠯᠤᠰ ᠤ᠋ᠨ ᠶᠡᠷᠦᠩᢈᠡᠢ ᠰᠠᠶᠢᠳ ᠨᠠ‍᠂ᠤᠴᠠᠷᠠᠯ ᠤ᠋ᠨ ᠰᠠᠨᠠᠭᠠᠴᠢᠯᠭ᠎ᠠ ᠪᠠᠷ ᢈᠡᠷᠡᢉᠵᠢᢉᠦᠯᠵᠦ ᠪᠤᠢ ᢈᠡᠦᢈᠡᠳ ᠦ᠋ᠨ ᠲᠥᠯᠦᢉᠡ “ᠵᠠ ᠪᠣᠯ ᠵᠠᠪᠠᠯ ᢈᠢᠶ᠎ᠡ” ᠦᠨᠳᠦᠰᠦᠨ ᠦ᠋ ᢈᠥᠳᠡᠯᢉᠡᢉᠡᠨ ᠦ᠋ ᢈᠦᠷᠢᠶᠡᠨ ᠳ᠋ᠦ “ᠴᠠᢈᠢᠮ ᠳᠡᢉᠡᠷᠡᠯᢈᠡᠯᠲᠡ ᠡᠴᠡ ᠰᠡᠷᢉᠡᠶᠢᠯᠡᠶ᠎ᠡ” ᠠᠶᠠᠨ ᠤ᠋ ᠨᠡᢉᠡᢉᠡᠯᠲᠡ ᠶ᠋ᠢᠨ ᢈᠡᠪᠯᠡᠯ ᠦ᠋ᠨ ᠬᠤᠷᠠᠯ ᠥᠨᠦᠳᠦᠷ ᠪᠣᠯᠤᠯ᠎ᠠ᠃

ᠳᠡᠯᢉᠡᠷᠡᠩᢉᠦᠢ

᠒᠐᠒᠖-᠐᠙-᠒᠔

ᠴᠠᢈᠢᠮ ᠣᠷᠴᠢᠨ ᠳ᠋ᠠᢈᠢ ᢈᠡᠦᢈᠡᠳ ᠬᠠᠮᠠᠭᠠᠯᠠᠯ ᠤ᠋ᠨ ᠒᠑᠐ ᠰᠤᠷᠭᠠᠭᠴᠢ ᠪᠠᠭᠰᠢ ᠪᠠᠲᠤᠯᠠᠮᠵᠢ ᠪᠠᠨ ᠭᠠᠷᠳᠠᠨ ᠠᠪᠤᠯ᠎ᠠ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ ᠨᠢ ᠴᠠᢈᠢᠮ ᢈᠥᢉᠵᠢᠯ᠂ᠢᠨ᠋᠊ᠨᠣᠸᠠᠼ᠂ ᠬᠠᠷᠢᠯᠴᠠᠭ᠎ᠠ ᠬᠣᠯᠪᠤᠭᠠᠨ ᠤ᠋ ᠶᠠᠮᠤ᠂ ᠶᠠᠫᠣᠨ᠋ ᠤ᠋ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭ᠎ᠠ (ᠵᠠᠶᠢᠻᠠ)-ᠠ᠋ᠴᠠ ᢈᠡᠷᠡᢉᠵᠢᢉᠦᠯᠵᠦ ᠪᠤᠢ “ᠴᠠᢈᠢᠮ ᠳᠡᢉᠡᠷᠡᠯᢈᠡᠯᠲᠡ ᠡᠴᠡ ᠰᠡᠷᢉᠡᠶᠢᠯᠡᠶ᠎ᠡ” ᠨᠥᠯᠦᢉᠡᠯᠡᠯ ᠦ᠋ᠨ ᠠᠶᠠᠨ ᠤ᠋ ᢈᠦᠷᠢᠶᠡᠨ ᠳ᠋ᠦ ᠪᠣᠯᠪᠠᠰᠤᠷᠠᠯ ᠤ᠋ᠨ ᠶᠠᠮᠤ ᠲᠠᠢ ᠬᠠᠮᠲᠤᠷᠠᠨ ᠴᠠᢈᠢᠮ ᠣᠷᠴᠢᠨ ᠳ᠋ᠠᢈᠢ ᢈᠡᠦᢈᠡᠳ ᠬᠠᠮᠠᠭᠠᠯᠠᠯ ᠤ᠋ᠨ ᠒᠑᠐ ᠰᠤᠷᠭᠠᠭᠴᠢ ᠪᠠᠭᠰᠢ ᠶ᠋ᠢ ᠪᠡᠯᠡᠳᢈᠡᠯ᠎ᠡ᠃

ᠳᠡᠯᢉᠡᠷᠡᠩᢉᠦᠢ

᠒᠐᠒᠖-᠐᠙-᠒᠒

ᠳᠣᢈᠢᠶᠠᠨ ᠤ᠋ ᢈᠡᠯᠡᠨ ᠦ᠋ ᢈᠡᠯᠡᠮᠦᠷᠴᠢ ᠲᠡᠢ᠂ ᠬᠠᠳᠠᠮᠠᠯ ᠲᠠᠶᠢᠯᠪᠤᠷᠢ ᠲᠠᠢ ᠨᠡᠪᠲᠡᠷᠡᢉᠦᠯᢉᠡ ᠶ᠋ᠢᠨ ᠲᠥᠯᠦᠪᠯᠡᠯᠲᠡ᠂ ᢈᠡᠷᠡᢉᠵᠢᠯᠲᠡ ᠶ᠋ᠢᠨ ᠲᠠᠯᠠᠭᠠᠷ ᠲᠧᠯᠧᠸᠢᠽ ᠦ᠋ᠨ ᠦᠶᠢᠯᠡᠴᠢᠯᠡᢉᠡ ᠡᠷᢈᠢᠯᠡᢉᠴᠢᠳ ᠲᠡᠢ ᠰᠤᠷᠭᠠᠯᠲᠠ᠂ ᢈᠡᠯᠡᠯᠴᠡᢉᠦᠯᢉᠡ ᠵᠣᢈᠢᠶᠠᠨ ᠪᠠᠶᠢᠭᠤᠯᠤᠯ᠎ᠠ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠮᠣᠩᠭᠣᠯ ᠤᠯᠤᠰ ᠲᠤ ᠬᠠᠮᠤᠷᠬᠤ ᢈᠦᠷᠢᠶ᠎ᠡ ᠲᠡᠢ ᠲᠧᠯᠧᠸᠢᠽ ᠦ᠋ᠳ ᠲᠦ ᠮᠡᠳᠡᢉᠡ᠂ᠮᠡᠳᠡᢉᠡᠯᠡᠯ ᠦ᠋ᠨ ᢈᠥᠲᠦᠯᠪᠦᠷᠢ᠂ ᢈᠡᠦᢈᠡᠳ ᠦ᠋ᠨ ᠪᠣᠯᠤᠨ ᠲᠠᠨᠢᠨ ᠮᠡᠳᠡᢈᠦᠢ ᠶ᠋ᠢᠨ ᠨᠡᠪᠲᠡᠷᠡᢉᠦᠯᢉᠡ ᠶ᠋ᠢ ᠳᠣᢈᠢᠶᠠᠨ ᠤ᠋ ᢈᠡᠯᠡᠨ ᠦ᠋ ᢈᠡᠯᠡᠮᠦᠷᠴᠢ ᠲᠡᠢ ᠡᠰᠡᢈᠦᠯ᠎ᠡ ᠬᠠᠳᠠᠮᠠᠯ ᠲᠠᠶᠢᠯᠪᠤᠷᠢ ᠲᠠᠢ ᠭᠠᠷᠭᠠᠬᠤ ᠦᠶ᠎ᠡ ᠱᠠᠲᠤ ᠲᠠᠢ ᠲᠥᠯᠦᠪᠯᠡᢉᠡ ᠶ᠋ᠢ ᠪᠣᠯᠪᠠᠰᠤᠷᠠᠭᠤᠯᠤᠨ ᠲᠧᠯᠧᠸᠢᠽ ᠦ᠋ᠨ ᠦᠶᠢᠯᠡᠴᠢᠯᠡᢉᠡ ᠡᠷᢈᠢᠯᠡᢉᠴᠢᠳ ᠲᠦ ᠲᠠᠨᠢᠯᠴᠠᠭᠤᠯᠵᠤ᠂ᢈᠡᠷᠡᢉᠵᠢᠯᠲᠡ ᠳ᠋ᠦ ᠨᠢ ᢈᠢᠨᠠᠯᠲᠠ ᠲᠠᠯᠪᠢᠨ ᠠᠵᠢᠯᠯᠠᠳᠠᠭ ᠪᠢᠯᠡ᠃

ᠳᠡᠯᢉᠡᠷᠡᠩᢉᠦᠢ

᠒᠐᠒᠖-᠐᠙-᠐᠔

ᠴᠠᢈᠢᠮ ᠣᠷᠴᠢᠨ ᠢ᠋ ᢈᠡᠦᢈᠡᠳ ᠲᠦ ᠡᢉᠡᠯᠢᠲᠡᠢ᠂ ᠠᠶᠤᠯ ᠦᢉᠡᠢ ᠪᠣᠯᠭᠠᠬᠤ ᠶ᠋ᠢᠨ ᠲᠥᠯᠦᢉᠡ TIKTOK ᠫᠯᠠᠲ᠋ᠹᠣᠷᠮ ᠲᠠᠢ ᠬᠠᠮᠲᠤᠷᠠᠨ ᠠᠵᠢᠯᠯᠠᠨ᠎ᠠ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭ᠎ᠠ ᠵᠠ‍᠂ᠪᠠᠲᠤ᠆ᠡᠷᠳᠡᠨᠢ ByteDance (TikTok) ᠻᠣᠮᠫᠠᠨᠢ ᠶ᠋ᠢᠨ ᠲᠥᠯᠦᢉᠡᠯᠡᢉᠴᠢ ᠵᠠᠨᠠᠷ ᠰᠠᠯᠢᠮᢉᠧᠷᠧᠶᠧᠸᠨᠠ ᠮᠤᠭᠠᠯᠣᠸᠠ ᠲᠠᠢ ᠠᠭᠤᠯᠵᠠᠯ᠎ᠠ᠃

ᠳᠡᠯᢉᠡᠷᠡᠩᢉᠦᠢ

᠒᠐᠒᠖-᠐᠘-᠒᠑

ᢈᠥ‍᠂ᠬᠠ‍᠂ᠵᠠ‍᠂ᠬᠠ‍᠆ᠤ᠋ ᠳᠠᠷᠤᠭ᠎ᠠ ᠵᠠ‍᠂ᠪᠠᠲᠤ᠆ᠡᠷᠳᠡᠨᠢ ᠣ‍᠂ᠤ‍᠂ᠴᠡ‍᠂ᠬᠣ‍᠂ᠪᠠ‍᠆ᠶ᠋ᠢᠨ ᠰᠲ᠋ᠠᠨ᠋ᠳᠠᠷᠲ᠋ᠴᠢᠯᠠᠯ ᠤ᠋ᠨ ᠲᠣᠪᠴᠢᠶᠠᠨ ᠤ᠋ ᠣᠷᠤᠯᠠᠭᠴᠢ ᠳᠠᠷᠤᠭ᠎ᠠ᠂ ᠳ᠋ᠣᠻᠲ᠋ᠣᠷ ᠪᠢᠯᠧᠯ ᠵᠠᠮᠦ᠋ᠰᠰᠢ ᠶ᠋ᠢ ᢈᠦᠯᠢᠶᠡᠨ ᠠᠪᠴᠤ ᠠᠭᠤᠯᠵᠠᠯ᠎ᠠ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭ᠎ᠠ ᠵᠠ‍᠂ᠪᠠᠲᠤ᠆ᠡᠷᠳᠡᠨᠢ ᠥᠨᠦᠳᠦᠷ ᠣᠯᠠᠨ ᠤᠯᠤᠰ ᠤ᠋ᠨ ᠴᠠᢈᠢᠯᠭᠠᠨ ᠬᠣᠯᠪᠤᠭᠠᠨ ᠤ᠋ ᠪᠠᠶᠢᠭᠤᠯᠤᠯᠭ᠎ᠠ (ITU)-ᠤ᠋ᠨ ᠴᠠᢈᠢᠯᠭᠠᠨ ᠬᠣᠯᠪᠤᠭᠠᠨ ᠤ᠋ ᠰᠲ᠋ᠠᠨ᠋ᠳᠠᠷᠲ᠋ᠴᠢᠯᠠᠯ ᠤ᠋ᠨ ᠲᠣᠪᠴᠢᠶᠠᠨ ᠤ᠋ ᠣᠷᠤᠯᠠᠭᠴᠢ ᠳᠠᠷᠤᠭ᠎ᠠ ᠪᠥᢉᠡᠳ ᠰᠤᠳᠤᠯᠭᠠᠨ ᠤ᠋ ᠪᠦᠯᠦᢉ ᠪᠣᠯᠤᠨ ᠪᠣᠳᠤᠯᠭ᠎ᠠ ᠶ᠋ᠢᠨ ᠭᠠᠵᠠᠷ ᠤ᠋ᠨ ᠵᠠᢈᠢᠷᠤᠯ᠂ᠳ᠋ᠣᠻᠲ᠋ᠣᠷ ᠪᠢᠯᠧᠯ ᠵᠠᠮᠦ᠋ᠰᠰᠢ (Bilel JAMOUSSI)-ᠭ ᢈᠦᠯᠢᠶᠡᠨ ᠠᠪᠴᠤ ᠠᠭᠤᠯᠵᠠᠯ᠎ᠠ᠃

ᠳᠡᠯᢉᠡᠷᠡᠩᢉᠦᠢ

᠒᠐᠒᠖-᠐᠘-᠑᠘

ᠱᠸᠢᠼᠠᠷᠢ ᠶ᠋ᠢᠨ ᠬᠣᠯᠪᠤᠭᠠᠨ ᠤ᠋ ᠤᠯᠤᠰ ᠤ᠋ᠨ ᠵᠧᠨᠧᠸ ᠬᠣᠲᠠᠨ᠎ᠠ «ᠮᠡᠳᠡᢉᠡᠯᠡᠯ ᠦ᠋ᠨ ᠨᠡᠶᠢᢉᠡᠮ ᠦ᠋ᠨ ᠳᠡᢉᠡᠳᠦ ᢈᠡᠮᠵᠢᠶᠡᠨ ᠦ᠋ ᠠᠭᠤᠯᠵᠠᠯᠲᠠ ᠒᠐᠒᠖» ᠠᠷᠭ᠎ᠠ ᢈᠡᠮᠵᠢᠶ᠎ᠡ ᠵᠣᢈᠢᠶᠠᠨ ᠪᠠᠶᠢᠭᠤᠯᠤᠭᠳᠠᠯ᠎ᠠ

ᠣᠯᠠᠨ ᠤᠯᠤᠰ ᠤ᠋ᠨ ᠴᠠᢈᠢᠯᠭᠠᠨ ᠬᠣᠯᠪᠤᠭᠠᠨ ᠤ᠋ ᠪᠠᠶᠢᠭᠤᠯᠤᠯᠭ᠎ᠠ (ITU) ᠪᠣᠯᠤᠨ ᠨᠢ‍᠂ᠦ‍᠂ᠪᠠ‍ ᠊ ᠶ᠋ᠢᠨ ᠕᠐ ᠭᠠᠷᠤᠢ ᠪᠠᠶᠢᠭᠤᠯᠤᠯᠭ᠎ᠠ ᠶ᠋ᠢᠨ ᠬᠠᠮᠲᠤᠷᠠᠨ ᠵᠣᢈᠢᠶᠠᠨ ᠪᠠᠶᠢᠭᠤᠯᠳᠠᠭ «ᠮᠡᠳᠡᢉᠡᠯᠡᠯ ᠦ᠋ᠨ ᠨᠡᠶᠢᢉᠡᠮ ᠦ᠋ᠨ ᠳᠡᢉᠡᠳᠦ ᢈᠡᠮᠵᠢᠶᠡᠨ ᠦ᠋ ᠠᠭᠤᠯᠵᠠᠯᠲᠠ ᠒᠐᠒᠖» (WSIS Forum ᠒᠐᠒᠖) ᠨᠢ ᠒᠐᠒᠖ ᠣᠨ ᠤ᠋ ᠗ ᠳ᠋ᠤᠭᠠᠷ ᠰᠠᠷ᠎ᠠ ᠶ᠋ᠢᠨ ᠕᠆ᠤ᠋ ᠡᠳᠦᠷ ᠡᠴᠡ ᠗ ᠳ᠋ᠤᠭᠠᠷ ᠰᠠᠷ᠎ᠠ ᠶ᠋ᠢᠨ ᠑᠐᠆ᠤ᠋ ᠡᠳᠦᠷ ᠦ᠋ᠳ ᠲᠦ ᠱᠸᠢᠼᠠᠷ ᠤ᠋ᠨ ᠬᠣᠯᠪᠤᠭᠠᠨ ᠤ᠋ ᠤᠯᠤᠰ ᠤ᠋ᠨ ᠵᠧᠨᠧᠸ ᠬᠣᠲᠠᠨ᠎ᠠ ITU᠆ᠶ᠋ᠢᠨ ᠲᠥᠪ ᠪᠠᠶᠢᠷᠢ ᠪᠣᠯᠤᠨ Palexpo ᠦᠵᠡᠰᢈᠦᠯᠡᠩ ᠦ᠋ᠨ ᠲᠥᠪ ᠲᠦ ᠵᠣᢈᠢᠶᠠᠨ ᠪᠠᠶᠢᠭᠤᠯᠤᠭᠳᠠᠭᠰᠠᠨ ᠪᠥᢉᠡᠳ ᠲᠤᠰ ᠠᠭᠤᠯᠵᠠᠯᠲᠠ ᠳ᠋ᠤ ᠵᠠᢈᠢᠷᠭᠠᠨ ᠤ᠋ ᠤᠳᠤᠷᠢᠳᠤᠯᠭ᠎ᠠ᠂ᠬᠠᠮᠲᠤ ᠶ᠋ᠢᠨ ᠠᠵᠢᠯᠯᠠᠭᠠᠨ ᠤ᠋ ᠭᠠᠵᠠᠷ ᠤ᠋ᠨ ᠳᠠᠷᠤᠭ᠎ᠠ ᠵᠠ‍᠂ᠡᠷᠳᠡᠨᠢᠴᠢᠯᠠᠭᠤᠨ ᠠᠯᠪᠠᠨ ᠲᠣᠮᠢᠯᠠᠯᠲᠠ ᠪᠠᠷ ᠠᠵᠢᠯᠯᠠᠯ᠎ᠠ᠃

ᠳᠡᠯᢉᠡᠷᠡᠩᢉᠦᠢ

᠒᠐᠒᠖-᠐᠗-᠒᠓

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ GOOGLE LLC ᠻᠣᠮᠫᠠᠨᠢ ᠲᠠᠢ ᠴᠠᢈᠢᠮ ᠣᠷᠴᠢᠨ ᠤ᠋ ᠵᠣᢈᠢᠴᠠᠭᠤᠯᠤᠯᠲᠠ ᠶ᠋ᠢᠨ ᠴᠢᢉᠯᠡᠯ ᠢ᠋ᠶᠡᠷ ᠬᠠᠮᠲᠤ ᠶ᠋ᠢᠨ ᠠᠵᠢᠯᠯᠠᠭ᠎ᠠ ᠪᠠᠨ ᠥᠷᢉᠡᠵᠢᢉᠦᠯᠦᠯ᠎ᠡ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ (ᠬᠣ‍᠂ᠬᠠ‍᠂ᠵᠠ‍᠂ᠬᠠ‍)-ᠨᠤ ᠳᠠᠷᠤᠭ᠎ᠠ ᠵᠠ‍᠂ᠪᠠᠲᠤ᠆ᠡᠷᠳᠡᠨᠢ ᠪᠡᠷ ᠠᠬᠠᠯᠠᠭᠤᠯᠤᠭᠰᠠᠨ ᠲᠥᠯᠦᢉᠡᠯᠡᢉᠴᠢᠳ ᠠᠮᠧᠷᠢᠻᠠ ᠶ᠋ᠢᠨ ᠨᠢᢉᠡᠳᠦᢉᠰᠡᠨ ᠤᠯᠤᠰ ᠲᠤ ᢈᠢᢉᠰᠡᠨ ᠠᠯᠪᠠᠨ ᠲᠣᠮᠢᠯᠠᠯᠲᠠ ᠶ᠋ᠢᠨ ᢈᠦᠷᠢᠶᠡᠨ ᠳ᠋ᠦ ᠒᠐᠒᠖ ᠣᠨ ᠤ᠋ ᠖ ᠳ᠋ᠤᠭᠠᠷ ᠰᠠᠷ᠎ᠠ ᠶ᠋ᠢᠨ ᠒᠖᠆ᠤ᠋ ᠡᠳᠦᠷ Google LLC ᠻᠣᠮᠫᠠᠨᠢ ᠶ᠋ᠢᠨ ᠸᠠᠱᠢᠩᠲ᠋ᠣᠨ᠋ ᠬᠣᠲᠠ ᠳ᠋ᠠᢈᠢ ᠲᠥᠯᠦᢉᠡᠯᠡᢉᠴᠢ ᠶ᠋ᠢᠨ ᠭᠠᠵᠠᠷ ᠲᠤ ᠠᠯᠪᠠᠨ ᠠᠭᠤᠯᠵᠠᠯᠲᠠ ᢈᠢᠯ᠎ᠡ᠃

ᠳᠡᠯᢉᠡᠷᠡᠩᢉᠦᠢ

᠒᠐᠒᠖-᠐᠗-᠒᠒