ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ ᠪᠣᠯᠤᠨ ᠠ‍᠂ᠨᠢ‍᠂ᠤ‍᠆ᠤ᠋ᠨ ᠬᠣᠯᠪᠤᠭᠠᠨ ᠤ᠋ ᠬᠠᠷᠢᠯᠴᠠᠭ᠎ᠠ ᠬᠣᠯᠪᠤᠭᠠᠨ ᠤ᠋ ᠬᠣᠷᠢᠶ᠎ᠠ ᠬᠠᠮᠲᠤ ᠶ᠋ᠢᠨ ᠠᠵᠢᠯᠯᠠᠭᠠᠨ ᠤ᠋ ᠰᠠᠨᠠᠮᠵᠢ ᠪᠢᠴᠢᢉ ᠪᠠᠶᠢᠭᠤᠯᠤᠯ᠎ᠠ

᠒᠐᠒᠖.᠐᠖.᠒᠖
ᠠᠮᠧᠷᠢᠻᠠ ᠶ᠋ᠢᠨ ᠨᠢᢉᠡᠳᠦᢉᠰᠡᠨ ᠤᠯᠤᠰ ᠤ᠋ᠨ ᠨᠡᠶᠢᠰᠯᠡᠯ ᠸᠠᠱᠢᠩᠲ᠋ᠣᠨ᠋ ᠬᠣᠲᠠᠨ᠎ᠠ ᠒᠐᠒᠖ ᠣᠨ ᠤ᠋ ᠖ ᠳ᠋ᠤᠭᠠᠷ ᠰᠠᠷ᠎ᠠ ᠶ᠋ᠢᠨ ᠒᠔᠆ᠶ᠋ᠢᠨ ᠡᠳᠦᠷ ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭ᠎ᠠ ᠵᠠ‍᠂ᠪᠠᠲᠤ᠆ᠡᠷᠳᠡᠨᠢ ᠲᠡᠷᠢᢉᠦᠲᠡᠢ ᠲᠥᠯᠦᢉᠡᠯᠡᢉᠴᠢᠳ ᠠ‍᠂ᠨᠢ‍᠂ᠤ‍᠆ᠤ᠋ᠨ ᠬᠣᠯᠪᠤᠭᠠᠨ ᠤ᠋ ᠬᠠᠷᠢᠯᠴᠠᠭ᠎ᠠ ᠬᠣᠯᠪᠤᠭᠠᠨ ᠤ᠋ ᠬᠣᠷᠢᠶᠠᠨ ᠤ᠋ (FCC) ᠳᠠᠷᠤᠭ᠎ᠠ ᠪᠷᠧᠨ᠋ᠳᠠᠨ᠋ ᠻᠠᠷᠷ ᠲᠠᠢ ᠠᠭᠤᠯᠵᠠᠵᠤ᠂ᠬᠠᠮᠲᠤ ᠶ᠋ᠢᠨ ᠠᠵᠢᠯᠯᠠᠭᠠᠨ ᠤ᠋ ᠬᠠᠷᠢᠯᠴᠠᠨ ᠣᠶᠢᠯᠠᠭᠠᠯᠴᠠᠯ ᠤ᠋ᠨ ᠰᠠᠨᠠᠮᠵᠢ ᠪᠢᠴᠢᢉ ᠲᠦ ᠭᠠᠷ ᠤ᠋ᠨ ᠦᠰᠦᢉ ᠵᠢᠷᠤᠯ᠎ᠠ᠃
ᠲᠤᠰ ᠠᠭᠤᠯᠵᠠᠯᠲᠠ ᠳ᠋ᠤ ᠠ‍᠂ᠨᠢ‍᠂ᠤ‍᠆ᠤ᠋ᠨ ᠬᠣᠯᠪᠤᠭᠠᠨ ᠤ᠋ ᠬᠠᠷᠢᠯᠴᠠᠭ᠎ᠠ ᠬᠣᠯᠪᠤᠭᠠᠨ ᠤ᠋ ᠬᠣᠷᠢᠶᠠᠨ ᠤ᠋ (FCC) ᠲᠠᠯ᠎ᠠ ᠠ᠋ᠴᠠ ᠳᠠᠷᠤᠭ᠎ᠠ ᠪᠷᠧᠨ᠋ᠳᠠᠨ᠋ ᠻᠠᠷᠷ᠂ ᠭᠠᠳᠠᠭᠠᠳᠤ ᠬᠠᠷᠢᠯᠴᠠᠭᠠᠨ ᠤ᠋ ᠳᠠᠷᠤᠭ᠎ᠠ ᠲᠣᠮᠠᠰ ᠰᠦᠯᠯᠢᠸᠠᠨ᠋᠂ ᠮᠣᠩᠭᠣᠯ ᠤ᠋ᠨ ᠲᠠᠯ᠎ᠠ ᠠ᠋ᠴᠠ ᠮᠣᠩᠭᠣᠯ ᠤᠯᠤᠰ ᠠ᠋ᠴᠠ ᠠ‍᠂ᠨᠢ‍᠂ᠤ‍᠆ᠳ᠋ᠤ ᠰᠠᠭᠤᠭ᠎ᠠ ᠪᠦᠷᠢᠨ ᠡᠷᢈᠡᠲᠦ ᠡᠯᠴᠢᠨ ᠰᠠᠶᠢᠳ ᠥ‍᠂ᠪᠠᠲᠤᠪᠠᠶᠠᠷ᠂ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭ᠎ᠠ ᠵᠠ‍᠂ᠪᠠᠲᠤ᠆ᠡᠷᠳᠡᠨᠢ᠂ᠵᠠᠰᠠᠭ ᠤ᠋ᠨ ᠭᠠᠵᠠᠷ ᠤ᠋ᠨ ᢈᠡᠷᠡᢉ ᠡᠷᢈᠢᠯᠡᢈᠦ ᠭᠠᠵᠠᠷ ᠤ᠋ᠨ ᠵᠠᢈᠢᠷᠭ᠎ᠠ᠂ ᠵᠣᢈᠢᠶᠠᠨ ᠪᠠᠶᠢᠭᠤᠯᠤᠯᠲᠠ ᠶ᠋ᠢᠨ ᠭᠠᠵᠠᠷ ᠤ᠋ᠨ ᠳᠠᠷᠤᠭ᠎ᠠ ᠫ‍᠂ᠪᠠᠲᠤᠲᠦ᠋ᠷᠦ᠂ᢈᠥ‍᠂ᠬᠠ‍᠂ᠵᠠ‍᠂ᠬᠠ‍᠆ᠤ᠋ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭ᠎ᠠ ᠲ‍᠂ᠪᠠᠲᠤᠪᠣᠯᠤᠳ᠂ ᠮᠣᠩᠭᠣᠯ ᠤᠯᠤᠰ ᠠ᠋ᠴᠠ ᠠ‍᠂ᠨᠢ‍᠂ᠤ‍᠆ᠳ᠋ᠤ ᠰᠠᠭᠤᠭ᠎ᠠ ᠡᠯᠴᠢᠨ ᠰᠠᠶᠢᠳ ᠤ᠋ᠨ ᠶᠠᠮᠤᠨ ᠤ᠋ ᠠᠲ᠋ᠲ᠋ᠧᠱᠧ ᠨ‍᠂ᠰᠦᢈᠡᠪᠠᠭᠠᠲᠤᠷ᠂ ᢈᠥ‍᠂ᠬᠠ‍᠂ᠵᠠ‍᠂ᠬᠠ‍᠆ᠤ᠋ ᠭᠠᠳᠠᠭᠠᠳᠤ ᠬᠠᠮᠲᠤ ᠶ᠋ᠢᠨ ᠠᠵᠢᠯᠯᠠᠭ᠎ᠠ ᠬᠠᠷᠢᠭᠤᠴᠠᠭᠰᠠᠨ ᠮᠡᠷᢉᠡᠵᠢᠯᠲᠡᠨ ᠳ‍᠂ᠸᠴᠢᠷᠫᠦ᠋ᠷᠪᠦ ᠨᠠᠷ ᠣᠷᠤᠯᠴᠠᠪᠠ᠃

ᠡᠨᠡ ᢈᠦ ᠰᠠᠨᠠᠮᠵᠢ ᠪᠢᠴᠢᢉ ᠨᠢ ᠬᠣᠶᠠᠷ ᠪᠠᠶᠢᠭᠤᠯᠤᠯᠭ᠎ᠠ ᠶ᠋ᠢᠨ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ᠂ ᠬᠠᠷᠢᠯᠴᠠᠭ᠎ᠠ ᠬᠣᠯᠪᠤᠭᠠᠨ ᠤ᠋ ᠰᠠᠯᠪᠤᠷᠢ ᠳ᠋ᠤ ᠲᠤᠯᠭᠠᠮᠳᠠᠵᠤ ᠪᠤᠢ ᠰᠣᠷᠢᠯᠲᠠ᠂ ᠠᠰᠠᠭᠤᠳᠠᠯ ᠤ᠋ᠳ ᠢ᠋ ᠬᠠᠮᠲᠤᠷᠠᠨ ᠰᠢᠢᠳᠪᠦᠷᠢᠯᠡᢈᠦ ᠳ᠋ᠦ ᠴᠢᢉᠯᠡᠵᠦ ᠪᠠᠶᠢᠨ᠎ᠠ᠃ ᠲᠠᠯ᠎ᠠ ᠨᠤᠭᠤᠳ ᠳᠠᠷᠠᠭᠠᢈᠢ ᠦᠨᠳᠦᠰᠦᠨ ᠴᠢᢉᠯᠡᠯ ᠦ᠋ᠳ ᠢ᠋ᠶᠡᠷ ᠬᠠᠮᠲᠤᠷᠠᠨ ᠠᠵᠢᠯᠯᠠᠬᠤ ᠪᠠᠷ ᠲᠣᢈᠢᠷᠠᠯᠴᠠᠪᠠ᠃ ᠡᢉᠦᠨ ᠳ᠋ᠦ:\n᠆ᠷᠠᠳᠢᠣ᠋ ᠳᠠᠪᠲᠠᠮᠵᠢ ᠶ᠋ᠢᠨ ᠰᠫᠧᠻᠲ᠋ᠷ ᠦ᠋ᠨ ᠤᠳᠤᠷᠢᠳᠤᠯᠭ᠎ᠠ᠂ ᠬᠤᠪᠢᠶᠠᠷᠢᠯᠠᠯᠲᠠ ᠪᠣᠯᠤᠨ ᠪᠣᠳᠤᠯᠭ᠎ᠠ ᠶ᠋ᠢᠨ ᠠᠰᠠᠭᠤᠳᠠᠯ;\n᠆ᠠᠯᠤᠰᠯᠠᠭᠳᠠᠭᠰᠠᠨ ᠪᠦᠰᠡ ᠨᠤᠲᠤᠭ ᠪᠣᠯᠤᠨ ᢈᠥᠳᠡᢉᠡ ᠣᠷᠤᠨ ᠨᠤᠲᠤᠭ ᠲᠤ ᠬᠠᠷᠢᠯᠴᠠᠭ᠎ᠠ ᠬᠣᠯᠪᠤᠭᠠᠨ ᠤ᠋ ᢈᠦᠷᠲᠡᢉᠡᠮᠵᠢ ᠶ᠋ᠢ ᠨᠡᠮᠡᢉᠳᠡᢉᠦᠯᢈᠦ ᠵᠣᠷᠢᠯᠭ᠎ᠠ ᠪᠠᠷ ᠥᠷᢉᠡᠨ ᠵᠤᠷᠪᠤᠰ ᠤ᠋ᠨ ᠰᠦᠯᠵᠢᠶ᠎ᠡ᠂ᠳᠡᠳ᠋ ᠪᠦᠲᠦᠴᠡ ᠶ᠋ᠢ ᢈᠥᢉᠵᠢᢉᠦᠯᢈᠦ;\n᠄ ᠕G ᠪᠣᠯᠤᠨ ᠖G ᠵᠡᠷᢉᠡ ᠰᠢᠨ᠎ᠡ ᠦᠶ᠎ᠡ ᠶ᠋ᠢᠨ ᠲᠧᢈᠨᠣᠯᠣᢉᠢ ᠶ᠋ᠢ ᠨᠡᠪᠲᠡᠷᠡᢉᠦᠯᢈᠦ ᠴᠢᢉᠯᠡᠯ ᠢ᠋ᠶᠡᠷ ᠲᠤᠷᠰᠢᠯᠭ᠎ᠠ᠂ᠮᠡᠳᠡᠯᢉᠡ ᠰᠣᠯᠢᠯᠴᠠᠬᠤ;\n᠆ᠢᠲᠡᢉᠡᠮᠵᠢᠯᠡᢉᠳᠡᢉᠰᠡᠨ ᠨᠡᠶᠢᠯᠡᢉᠦᠯᠦᢉᠴᠢᠳ ᠪᠣᠯᠤᠨ ᠰᠦᠯᠵᠢᠶᠡᠨ ᠦ᠋ ᠠᠶᠤᠯ ᠦᢉᠡᠢ ᠪᠠᠶᠢᠳᠠᠯ ᠤ᠋ᠨ ᠴᠢᢉᠯᠡᠯ ᠢ᠋ᠶᠡᠷ ᠬᠠᠮᠲᠤᠷᠠᠨ ᠠᠵᠢᠯᠯᠠᠵᠤ᠂ᠮᠡᠳᠡᢉᠡᠯᠡᠯ ᠦ᠋ᠨ ᠠᠶᠤᠯ ᠦᢉᠡᠢ ᠪᠠᠶᠢᠳᠠᠯ ᠢ᠋ ᠪᠡᢈᠢᠵᠢᢉᠦᠯᢈᠦ;\n᠆ᠪᠤᠰᠤᠳ ᠰᠢᠨ᠎ᠡ ᠳᠡᠪᠰᠢᠯᠲᠡ ᠳ᠋ᠦ ᠲᠧᢈᠨᠣᠯᠣᢉᠢ᠂ ᠦᠶᠢᠯᠡᠴᠢᠯᠡᢉᠡᠨ ᠦ᠋ ᠴᠢᢉᠯᠡᠯ ᠢ᠋ᠶᠡᠷ ᠬᠠᠮᠲᠤ ᠶ᠋ᠢᠨ ᠠᠵᠢᠯᠯᠠᠭᠠᠨ ᠤ᠋ ᠪᠣᠯᠤᠮᠵᠢ ᠶ᠋ᠢ ᠰᠤᠳᠤᠯᠵᠤ ᢈᠡᠷᠡᢉᠵᠢᢉᠦᠯᢈᠦ᠃