
ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠴᠠᢈᠢᠮ ᠬᠠᠭᠤᠳᠠᠰᠤ ᠪᠠᠷ ᠵᠣᠴᠢᠯᠠᠵᠤ᠂ ᠪᠢᠳᠡᠨ ᠦ᠋ ᠦᠶᠢᠯᠡ ᠠᠵᠢᠯᠯᠠᠭᠠ ᠲᠠᠢ ᠲᠠᠨᠢᠯᠴᠠᠵᠤ ᠪᠤᠢ ᠡᠷᢈᠢᠮ ᠲᠠᠨ ᠳ᠋ᠤ ᠡᠨᠡ ᠡᠳᠦᠷ ᠦ᠋ᠨ ᠮᠡᠨᠳᠦ ᠶ᠋ᠢ ᠡᠷᢉᠦᠨ ᠳᠡᠪᠰᠢᢉᠦᠯᠦᠶᠡ! ᠮᠣᠩᠭᠣᠯ ᠤᠯᠤᠰ ᠤ᠋ᠨ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᢈᠨᠣᠯᠣᢉᠢ ᠶ᠋ᠢᠨ ᠰᠠᠯᠪᠤᠷᠢ ᠨᠢ ᠡᠳ᠋ ᠦ᠋ᠨ ᠵᠠᠰᠠᠭ ᠤ᠋ᠨ ᠥᠰᠦᠯᠲᠡ᠂ ᠪᠦᠲᠦᢉᠡᠮᠵᠢ᠂ ᠢᠨ᠋᠊ᠨᠣᠸᠠᠼ ᠤ᠋ᠨ ᠭᠣᠣᠯ ᢈᠥᠳᠡᠯᢉᠡᢉᠴᠢ ᢈᠦᠴᠦ ᠪᠣᠯᠤᠨ ᢈᠥᢉᠵᠢᠵᠦ ᠪᠠᠶᠢᠭᠠ ᠪᠢᠯᠡ᠃ ᠮᠣᠩᠭᠣᠯ ᠤᠯᠤᠰ ᠤ᠋ᠨ ᠠᠩᠬᠠᠨ ᠤ᠋ ᠪᠡᠶᠡ ᠳᠠᠭᠠᠭᠠᠭᠰᠠᠨ᠂ ᠵᠣᢈᠢᠴᠠᠭᠤᠯᠬᠤ ᠪᠠᠶᠢᠭᠤᠯᠤᠯᠭᠠ ᠪᠣᠯᠬᠤ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ ᠨᠢ ᠰᠢᠳᠤᠷᠭᠤ ᠥᠷᠢᠰᠦᠯᠳᠦᢉᠡᠨ ᠢ᠋ ᠬᠠᠩᠭᠠᠬᠤ᠂ᢈᠡᠷᠡᢉᠯᠡᢉᠴᠢ ᠶ᠋ᠢᠨ ᠡᠷᢈᠡ ᠠᠰᠢᠭ ᠢ᠋ ᠬᠠᠮᠠᠭᠠᠯᠠᠬᠤ᠂ ᠳᠡᠪᠰᠢᠯᠲᠡᠲᠦ ᠲᠧᢈᠨᠣᠯᠣᢉᠢ ᠶ᠋ᠢ ᠨᠡᠪᠲᠡᠷᠡᢉᠦᠯᢈᠦ ᠳ᠋ᠦ ᠡᢉᠡᠯᠢᠲᠡᠢ ᠣᠷᠴᠢᠨ ᠢ᠋ ᠪᠦᠷᠢᠳᠦᢉᠦᠯᢈᠦ ᠶ᠋ᠢᠨ ᠲᠥᠯᠦᢉᠡ ᠠᠵᠢᠯᠯᠠᠵᠤ ᠪᠠᠶᠢᠨᠠ᠃
ᠳ᠋ᠢᠵᠢᠲ᠋ᠠᠯ ᠰᠢᠯᠵᠢᠯᠲᠡ ᠨᠢ ᠵᠥᠪᢈᠡᠨ ᠲᠧᢈᠨᠣᠯᠣᢉᠢ ᠶ᠋ᠢᠨ ᠰᠢᠨᠡᠴᠢᠯᠡᠯ ᠪᠤᠰᠤ᠂ ᠦᠨᠳᠦᠰᠦᠨ ᠦ᠋ ᠥᠷᠢᠰᠦᠯᠳᠦᢈᠦ ᠴᠢᠳᠠᠪᠤᠷᠢ᠂ ᠮᠡᠳᠡᢉᠡᠯᠡᠯ ᠦ᠋ᠨ ᠲᠤᠰᠠᠭᠠᠷ ᠲᠣᠭᠲᠠᠨᠢᠯ᠂ ᠡᠳ᠋ ᠦ᠋ᠨ ᠵᠠᠰᠠᠭ ᠤ᠋ᠨ ᠠᠶᠤᠯ ᠦᢉᠡᠢ ᠪᠠᠶᠢᠳᠠᠯ ᠤ᠋ᠨ ᠠᠰᠠᠭᠤᠳᠠᠯ ᠪᠣᠯᠵᠡᠢ᠃ ᢈᠢᠮᠡᠯ ᠣᠶᠤᠨ᠂ ᠡᢉᠦᠯᠡᠨ ᠲᠣᠭᠠᠴᠠᠭᠠᠯᠠᠯ᠂ ᠕G, IoT ᠲᠧᢈᠨᠣᠯᠣᢉᠢ ᠶ᠋ᠢᠨ ᢈᠥᢉᠵᠢᠯ ᠨᠢ ᠠᠰᠤᠷᠤ ᠶᠡᢈᠡ ᢈᠡᠮᠵᠢᠶᠡᠨ ᠦ᠋ ᠥᢉᢉᠦᢉᠳᠡᠯ ᠪᠤᠢ ᠪᠣᠯᠭᠠᠵᠤ᠂ᠶᠡᢈᠡ ᠥᢉᢉᠦᢉᠳᠡᠯ (Big Data)-ᠳ ᠰᠠᠭᠤᠷᠢᠯᠠᠭᠰᠠᠨ ᠪᠣᠳᠤᠯᠭᠠ ᠰᠢᠢᠳᠪᠦᠷᠢ ᠨᠢ ᠢᠯᠡᢉᠦᠦ ᠪᠣᠳᠠᠲᠤ ᠣᠯᠠᠨ ᠲᠠᠯᠠ ᠶ᠋ᠢᠨ ᠮᠡᠳᠡᢉᠡᠯᠡᠯ ᠳ᠋ᠦ ᠲᠤᠯᠭᠠᠭᠤᠷᠢᠯᠠᠭᠰᠠᠨ ᠦᠷᠡ ᠠᠰᠢᠭᠲᠠᠢ ᠪᠣᠯᠬᠤ᠂ᠰᠦᠯᠵᠢᠶᠡᠨ ᠦ᠋ ᠤᠳᠤᠷᠢᠳᠤᠯᠭᠠ᠂ ᠦᠶᠢᠯᠡᠴᠢᠯᠡᢉᠡᠨ ᠦ᠋ ᠴᠢᠨᠠᠷ ᠰᠠᠶᠢᠵᠢᠷᠠᠬᠤ᠂ ᠪᠢᠽᠢᠨᠧᠰ ᠦ᠋ᠨ ᠰᠢᠨᠡ ᠵᠠᠭᠪᠤᠷ᠂ ᠰᠲ᠋ᠠᠷᠲ᠋ᠠᠫ ᠡᠻᠣᠰᠢᠰᠲ᠋ᠧᠮ ᢈᠥᢉᠵᠢᢈᠦ᠂ ᠻᠢᠪᠧᠷ ᠠᠶᠤᠯ ᠦᢉᠡᠢ ᠪᠠᠶᠢᠳᠠᠯ ᠤ᠋ᠨ ᠡᠷᠦᠰᠳᠡᠯ ᠢ᠋ ᠤᠷᠢᠳᠴᠢᠯᠠᠨ ᠢᠯᠡᠷᠡᢉᠦᠯᢈᠦ ᠵᠡᠷᢉᠡ ᠪᠣᠳᠠᠲᠤ ᠪᠣᠯᠤᠮᠵᠢ ᠨᠤᠭᠤᠳ ᠢ᠋ ᠪᠦᠷᠢᠳᠦᢉᠦᠯᠵᠦ ᠪᠠᠶᠢᠨᠠ᠃
ᠲᠡᠶᠢᠮᠦ ᠡᠴᠡ ᠡᠷᢈᠡ ᠵᠦᠢ ᠶ᠋ᠢᠨ ᠣᠷᠴᠢᠨ ᠢ᠋ ᠪᠣᠯᠪᠠᠰᠤᠷᠠᠩᠭᠤᠢ ᠪᠣᠯᠭᠠᠵᠤ ᠥᢉᢉᠦᢉᠳᠡᠯ ᠰᠣᠯᠢᠯᠴᠠᠭᠠᠨ ᠤ᠋ ᠰᠲ᠋ᠠᠨ᠋ᠳᠠᠷᠲ᠂ᠻᠢᠪᠧᠷ ᠬᠠᠮᠠᠭᠠᠯᠠᠯᠲᠠ ᠶ᠋ᠢ ᠣᠯᠠᠨ ᠤᠯᠤᠰ ᠤ᠋ᠨ ᠲᠦᠪᠰᠢᠨ ᠳ᠋ᠦ ᢈᠦᠷᢉᠡᢈᠦ᠂ ᠳᠣᠲᠤᠭᠠᠳᠤ ᠶ᠋ᠢᠨ ᠫᠯᠠᠲ᠋ᠹᠣᠷᠮ ᢈᠥᢉᠵᠢᢉᠦᠯᠦᠯᠲᠡ ᠶ᠋ᠢ ᠪᠣᠳᠤᠯᠭᠠ ᠪᠠᠷ ᠳᠡᠮᠵᠢᢈᠦ ᢈᠦᠷᠢᠶᠡᠨ ᠳ᠋ᠦ: \n᠆ᠮᠣᠩᠭᠣᠯ ᠢᠨ᠋ᠵᠧᠨᠧᠷ᠂ ᢈᠥᢉᠵᠢᢉᠦᠯᠦᢉᠴᠢᠳ ᠲᠦ ᠰᠠᠭᠤᠷᠢᠯᠠᠭᠰᠠᠨ ᠦᠨᠳᠦᠰᠦᠨ ᠦ᠋ ᠳ᠋ᠢᠵᠢᠲ᠋ᠠᠯ ᠫᠯᠠᠲ᠋ᠹᠣᠷᠮ ᠤ᠋ᠳ ᠢ᠋ ᠳᠡᠮᠵᠢᢈᠦ᠂\n᠆ᠲᠥᠷᠦ ᠶ᠋ᠢᠨ ᠦᠶᠢᠯᠡᠴᠢᠯᠡᢉᠡ᠂ ᠲᠥᠯᠦᠪᠦᠷᠢ ᠲᠣᠭᠠᠴᠠᠭᠠ᠂ ᠻᠣᠨ᠋ᠲ᠋ᠧᠨ᠋ᠲ᠂ ᠡᢉᠦᠯᠡᠨ ᠰᠢᠢᠳᠦᠯ ᠦ᠋ᠳ ᠢ᠋ ᠳᠣᠲᠤᠭᠠᠳᠤ ᠶ᠋ᠢᠨ ᠰᠢᠢᠳᠦᠯ ᠳ᠋ᠦ ᠲᠦᠰᠢᢉᠯᠡᠨ ᢈᠥᢉᠵᠢᢉᠦᠯᢈᠦ᠂\n᠆ᠥᢉᢉᠦᢉᠳᠡᠯ ᠳᠣᠲᠤᠭᠠᠳᠤ ᠳ᠋ᠤ ᠪᠠᠨ ᠬᠠᠳᠠᠭᠠᠯᠠᠬᠤ᠂ ᠪᠣᠯᠪᠠᠰᠤᠷᠠᠭᠤᠯᠬᠤ ᠴᠢᠳᠠᠪᢈᠢ ᠶ᠋ᠢ ᠨᠡᠮᠡᢉᠳᠡᢉᠦᠯᢈᠦ ᠳ᠋ᠠᠲ᠋ᠠ ᠲᠥᠪ ᠦ᠋ᠨ ᠪᠣᠳᠤᠯᠭᠠ ᠶ᠋ᠢ ᢈᠡᠷᠡᢉᠵᠢᢉᠦᠯᢈᠦ᠂\n᠆ᠰᠲ᠋ᠠᠷᠲ᠋ᠠᠫ᠂ ᠢᠨ᠋᠊ᠨᠣᠸᠠᠼ ᠤ᠋ᠨ ᠻᠣᠮᠫᠠᠨᠢ ᠨᠤᠭᠤᠳ ᠲᠤ ᠵᠣᢈᠢᠴᠠᠭᠤᠯᠤᠯᠲᠠ ᠶ᠋ᠢᠨ ᠲᠠᠭᠠᠲᠠᠢ ᠣᠷᠴᠢᠨ ᠪᠦᠷᠢᠳᠦᢉᠦᠯᢈᠦ ᠵᠡᠷᢉᠡ ᠳ᠋ᠦ ᠣᠨᠴᠤᠭᠤᠢ ᠠᠩᠬᠠᠷᠤᠯ ᠬᠠᠨᠳᠤᠭᠤᠯᠵᠤ ᠠᠵᠢᠯᠯᠠᠬᠤ ᠪᠣᠯᠤᠨᠠ᠃
ᠦᠨᠳᠦᠰᠦᠨ ᠦ᠋ ᠫᠯᠠᠲ᠋ᠹᠣᠷᠮ ᠤ᠋ᠳ ᠨᠢ ᠵᠥᠪᢈᠡᠨ ᠪᠢᠽᠢᠨᠧᠰ ᠦ᠋ᠨ ᠠᠰᠢᠭ ᠰᠣᠨᠢᠷᠬᠠᠯ ᠪᠤᠰᠤ᠂ ᠮᠡᠳᠡᢉᠡᠯᠡᠯ ᠦ᠋ᠨ ᠠᠶᠤᠯ ᠦᢉᠡᠢ ᠪᠠᠶᠢᠳᠠᠯ᠂ ᠥᢉᢉᠦᢉᠳᠡᠯ ᠬᠠᠮᠠᠭᠠᠯᠠᠬᠤ᠂ ᠬᠠᠳᠠᠭᠠᠯᠠᠬᠤ᠂ ᠠᠰᠢᠭᠯᠠᠬᠤ ᠵᠡᠷᢉᠡ ᠳ᠋ᠦ ᠥᠨᠳᠦᠷ ᠠᠴᠢ ᠬᠣᠯᠪᠤᠭᠳᠠᠯᠲᠠᠢ ᠶᠤᠮ᠃
ᠲᠡᢉᠦᠨᠴᠢᠯᠡᠨ ᠠᠯᠤᠰᠯᠠᠭᠳᠠᠭᠰᠠᠨ ᠪᠦᠰᠡ ᠨᠤᠲᠤᠭ ᠲᠤ ᠰᠦᠯᠵᠢᠶᠡ᠂ ᠦᠶᠢᠯᠡᠴᠢᠯᠡᢉᠡᠨ ᠦ᠋ ᢈᠦᠷᠲᠡᢉᠡᠮᠵᠢ ᠶ᠋ᠢ ᠨᠡᠮᠡᢉᠳᠡᢉᠦᠯᢈᠦ᠂ᠬᠤᠪᠢ ᠶ᠋ᠢᠨ ᢈᠡᠪᠰᠢᠯ ᠦ᠋ᠨ ᠳᠡᠳ᠋ ᠪᠦᠲᠦᠴᠡ ᠶ᠋ᠢᠨ ᠳᠠᠪᠬᠤᠷᠳᠠᠭᠰᠠᠨ ᢈᠥᠷᠦᠩᢉᠡ ᠣᠷᠤᠭᠤᠯᠤᠯᠲᠠ ᠶ᠋ᠢ ᠪᠠᠭᠤᠷᠠᠭᠤᠯᠬᠤ᠂ᢈᠡᠷᠡᢉᠯᠡᢉᠴᠢᠳ ᠲᠠᠰᠤᠷᠠᠯᠲᠠ ᠦᢉᠡᠢ᠂ ᠴᠢᠨᠠᠷᠲᠠᠢ ᠦᠶᠢᠯᠡᠴᠢᠯᠡᢉᠡ ᠠᠪᠬᠤ ᠨᠥᢈᠦᠴᠡᠯ ᠢ᠋ ᠪᠦᠷᠢᠳᠦᢉᠦᠯᢈᠦ᠂ᠵᠠᠬᠠ ᠵᠡᢉᠡᠯᠢ ᠶ᠋ᠢᠨ ᠦᠷᠡ ᠠᠰᠢᠭ᠂ ᠥᠷᠢᠰᠦᠯᠳᠦᢉᠡᠨ ᠢ᠋ ᠬᠠᠩᠭᠠᠬᠤ ᠵᠣᠷᠢᠯᠭᠠ ᠪᠠᠷ ᠳᠣᠲᠤᠭᠠᠳᠤ ᠶ᠋ᠢᠨ ᠷᠣ᠊ᠦ᠋ᠮᠢᠩ (national roaming) ᠦᠶᠢᠯᠡᠴᠢᠯᠡᢉᠡ ᠶ᠋ᠢ ᢈᠥᢉᠵᠢᢉᠦᠯᢈᠦ ᠠᠰᠠᠭᠤᠳᠠᠯ ᠢ᠋ ᠰᠠᠯᠪᠤᠷᠢ ᠶ᠋ᠢᠨ ᠪᠣᠳᠤᠯᠭᠠ ᠶ᠋ᠢᠨ ᢈᠦᠷᠢᠶᠡᠨ ᠳ᠋ᠦ ᠬᠠᠷᠢᠯᠴᠠᠨ ᠣᠶᠢᠯᠠᠭᠠᠯᠴᠠᠯ᠂ᠬᠠᠮᠲᠤ ᠶ᠋ᠢᠨ ᠠᠵᠢᠯᠯᠠᠭᠠ ᠶ᠋ᠢ ᠡᠷᢈᠢᠮᠯᠡᠨ ᠵᠠᠬᠠ ᠵᠡᢉᠡᠯᠢ ᠶ᠋ᠢᠨ ᠲᠡᠩᠴᠡᠪᠦᠷᠢ ᠶ᠋ᠢ ᠠᠯᠳᠠᠭᠳᠠᠭᠤᠯᠬᠤ ᠦᢉᠡᠢ ᠪᠡᠷ᠂ ᢈᠡᠷᠡᢉᠯᠡᢉᠴᠢ ᠲᠥᠪᠲᠡᠢ ᠰᠢᠢᠳᠦᠯ ᠢ᠋ ᠳᠡᠮᠵᠢᠨ ᠠᠵᠢᠯᠯᠠᠨᠠ᠃
ᠬᠠᠷᠢᠯᠴᠠᠨ ᠢᠲᠡᢉᠡᠯᠴᠡᠯ᠂ ᠲᠦᠩᠰᠢᠯᠡᠯ᠂ ᠨᠡᢉᠡᢉᠡᠯᠲᠡᠲᠡᠢ ᠬᠠᠮᠲᠤ ᠶ᠋ᠢᠨ ᠠᠵᠢᠯᠯᠠᠭᠠ ᠪᠣᠯ ᠪᠢᠳᠡᠨ ᠦ᠋ ᠠᠮᠵᠢᠯᠲᠠ ᠶ᠋ᠢᠨ ᠦᠨᠳᠦᠰᠦ ᠶᠤᠮ᠃ ᠲᠠ ᠪᠦᢈᠦᠨ ᠦ᠋ ᠠᠵᠢᠯ ᠦᠶᠢᠯᠡᠰ ᠲᠦ ᠥᠨᠳᠦᠷ ᠠᠮᠵᠢᠯᠲᠠ ᢈᠦᠰᠡᠶᠡ᠃
ᢈᠦᠨᠳᠦᠳᢈᠡᢉᠰᠡᠨ᠂
ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭᠠ
ᠵᠢᠯᠠᠪᠰᠦ᠋ᠷᠦᠩ ᠦ᠋ᠨ ᠪᠠᠲᠤ᠆ᠡᠷᠳᠡᠨᠢ