ᠴᠠᢈᠢᠮ ᠣᠷᠴᠢᠨ ᠢ᠋ ᢈᠡᠦᢈᠡᠳ ᠲᠦ ᠡᢉᠡᠯᠢᠲᠡᠢ᠂ ᠠᠶᠤᠯ ᠦᢉᠡᠢ ᠪᠣᠯᠭᠠᠬᠤ ᠶ᠋ᠢᠨ ᠲᠥᠯᠦᢉᠡ TIKTOK ᠫᠯᠠᠲ᠋ᠹᠣᠷᠮ ᠲᠠᠢ ᠬᠠᠮᠲᠤᠷᠠᠨ ᠠᠵᠢᠯᠯᠠᠨ᠎ᠠ

᠒᠐᠒᠖.᠐᠘.᠒᠑
ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭ᠎ᠠ ᠵᠠ‍᠂ᠪᠠᠲᠤ᠆ᠡᠷᠳᠡᠨᠢ ByteDance (TikTok) ᠻᠣᠮᠫᠠᠨᠢ ᠶ᠋ᠢᠨ ᠲᠥᠯᠦᢉᠡᠯᠡᢉᠴᠢ ᠵᠠᠨᠠᠷ ᠰᠠᠯᠢᠮᢉᠧᠷᠧᠶᠧᠸᠨᠠ ᠮᠤᠭᠠᠯᠣᠸᠠ ᠲᠠᠢ ᠠᠭᠤᠯᠵᠠᠯ᠎ᠠ᠃ ᠠᠭᠤᠯᠵᠠᠯᠲᠠ ᠪᠠᠷ: \n᠆ ᠴᠠᢈᠢᠮ ᠣᠷᠴᠢᠨ ᠤ᠋ ᠵᠣᢈᠢᠰᠲᠠᠢ ᢈᠡᠷᠡᢉᠯᠡᢉᠡ ᠶ᠋ᠢ ᠲᠥᠯᠦᠪᠰᠢᢉᠦᠯᢈᠦ \n᠆ ᢈᠡᠦᢈᠡᠳ᠂ ᠥᠰᠪᠦᠷᠢ ᠦᠶ᠎ᠡ ᠶ᠋ᠢᠨ ᢈᠢᠨ ᠢ᠋ ᠴᠠᢈᠢᠮ ᠣᠷᠴᠢᠨ ᠤ᠋ ᠡᠷᠦᠰᠳᠡᠯ ᠡᠴᠡ ᠬᠠᠮᠠᠭᠠᠯᠠᠬᠤ\n᠆ᠠᠶᠤᠯ ᠦᢉᠡᠢ᠂ ᠨᠠᠶᠢᠳᠠᠪᠤᠷᠢᠲᠠᠢ ᠴᠠᢈᠢᠮ ᠣᠷᠴᠢᠨ ᠢ᠋ ᠪᠦᠷᠢᠳᠦᢉᠦᠯᢈᠦ ᠳ᠋ᠦ ᠬᠠᠮᠲᠤ ᠶ᠋ᠢᠨ ᠠᠵᠢᠯᠯᠠᠭ᠎ᠠ ᠶ᠋ᠢ ᠡᠷᠴᠢᠮᠵᠢᢉᠦᠯᢈᠦ ᠠᠰᠠᠭᠤᠳᠠᠯ ᠢ᠋ᠶᠠᠷ ᠰᠠᠨᠠᠯ ᠰᠣᠯᠢᠯᠴᠠᠪᠠ᠃ ᢈᠥ‍᠂ᠬᠠ‍᠂ᠵᠠ‍᠂ᠬᠠ‍ ᠨᠢ ᠴᠠᢈᠢᠮ ᠣᠷᠴᠢᠨ ᠳ᠋ᠤ ᠠᠶᠤᠯ ᠦᢉᠡᠢ᠂ ᠳ᠋ᠢᠵᠢᠲ᠋ᠠᠯ ᠣᠷᠤᠨ ᠵᠠᠢ ᠶ᠋ᠢ ᠪᠦᠷᠢᠳᠦᢉᠦᠯᢈᠦ ᠶ᠋ᠢᠨ ᠲᠥᠯᠦᢉᠡ ᠣᠯᠠᠨ ᠤᠯᠤᠰ ᠤ᠋ᠨ ᠫᠯᠠᠲ᠋ᠹᠣᠷᠮ ᠤ᠋ᠳ ᠲᠠᠢ ᠲᠣᠭᠲᠠᠮᠠᠯ ᠬᠠᠮᠲᠤᠷᠠᠨ ᠠᠵᠢᠯᠯᠠᠵᠤ ᠪᠠᠶᠢᠨ᠎ᠠ᠃