ᠠᠭᠤᠯᠵᠠᠯᠲᠠ ᠪᠠᠷ ᠳᠡᠯᠡᢈᠡᠢ ᠳᠠᢈᠢᠨ ᠳ᠋ᠤ ᠡᠷᠴᠢᠮᠲᠡᠢ ᢈᠥᢉᠵᠢᠵᠦ ᠪᠤᠢ ᠮᠡᠳᠡᢉᠡᠯᠡᠯ᠂ᠬᠠᠷᠢᠯᠴᠠᠭᠠ ᠬᠣᠯᠪᠤᠭᠠᠨ ᠤ᠋ ᠰᠠᠯᠪᠤᠷᠢ ᠶ᠋ᠢᠨ ᠴᠢᢉ ᠬᠠᠨᠳᠤᠯᠭᠠ᠂ ᠣᠯᠠᠨ ᠤᠯᠤᠰ ᠤ᠋ᠨ ᠰᠲ᠋ᠠᠨ᠋ᠳᠠᠷᠲ᠋ᠴᠢᠯᠠᠯ ᠤ᠋ᠨ ᠪᠣᠳᠤᠯᠭᠠ᠂ᠳ᠋ᠢᠵᠢᠲ᠋ᠠᠯ ᠰᠢᠯᠵᠢᠯᠲᠡ᠂ ᢈᠢᠮᠡᠯ ᠣᠶᠤᠨ ᠤᠬᠠᠭᠠᠨ (AI),ᠻᠸᠠᠨ᠋ᠲ ᠠᠶᠤᠯ ᠦᢉᠡᠢ ᠪᠠᠶᠢᠳᠠᠯ ᠪᠣᠯᠤᠨ ᠵᠦᠶᠢᠯᠡᠰ ᠦ᠋ᠨ ᠢᠨ᠋ᠲ᠋ᠧᠷᠨᠧᠲ (IoT)-ᠡᠶᠢᠨ ᠴᠢᢉᠯᠡᠯ ᠢ᠋ᠶᠡᠷ ᢈᠢ ᠬᠠᠮᠲᠤ ᠶ᠋ᠢᠨ ᠠᠵᠢᠯᠯᠠᠭᠠᠨ ᠤ᠋ ᠲᠠᠯᠠᠭᠠᠷ ᠰᠠᠨᠠᠯ ᠰᠣᠯᠢᠯᠴᠠᠯᠠ᠃ ᠪᠢᠯᠧᠯ ᠵᠠᠮᠦ᠋ᠰᠰᠢ ᠨᠢ ᠳᠡᠯᠡᢈᠡᠢ ᠶ᠋ᠢᠨ ᠲᠡᠷᠢᢉᠦᠯᠡᢉᠴᠢ ᠫᠯᠠᠲ᠋ᠹᠣᠷᠮ ᠪᠣᠯᠬᠤ ᠨᠢ᠂ᠦ᠂ᠪᠠ᠆ᠶ᠋ᠢᠨ «AI for Good» ᠳᠡᢉᠡᠳᠦ ᢈᠡᠮᠵᠢᠶᠡᠨ ᠦ᠋ ᠠᠭᠤᠯᠵᠠᠯᠲᠠ ᠶ᠋ᠢ ᠦᠨᠳᠦᠰᠦᠯᠡᠨ ᠪᠠᠶᠢᠭᠤᠯᠵᠤ᠂ᠤᠳᠤᠷᠢᠳᠬᠤ ᠠ᠋ᠴᠠ ᠭᠠᠳᠠᠨᠠ ᠣᠯᠠᠨ ᠤᠯᠤᠰ ᠤ᠋ᠨ ᠣᠯᠠᠨ ᠲᠣᠭᠠᠨ ᠤ᠋ ᠫᠠᠲ᠋ᠧᠨ᠋ᠲ ᠡᠵᠡᠮᠰᠢᠳᠡᢉ᠂ᠣᠯᠠᠨ ᠤᠯᠤᠰ ᠲᠤ ᢈᠦᠯᠢᠶᠡᠨ ᠵᠥᠪᠰᠢᠶᠡᠷᠡᢉᠳᠡᢉᠰᠡᠨ ᠮᠡᠷᢉᠡᠵᠢᠯᠲᠡᠨ ᠪᠥᢉᠡᠳ ᠒᠐᠑᠐ ᠣᠨ ᠠ᠋ᠴᠠ ᠬᠣᠶᠢᠰᠢ ITU᠆ᠳ᠋ᠦ ᠦᠷᠡ ᠪᠦᠲᠦᢉᠡᠯᠲᠡᠢ ᠠᠵᠢᠯᠯᠠᠵᠤ᠂ ᠳᠡᠯᠡᢈᠡᠢ ᠶ᠋ᠢᠨ ᠑᠙᠔ ᢉᠡᠰᠢᢉᠦᠨ ᠤᠯᠤᠰ᠂ ᠑᠐᠐᠐ ᠭᠠᠷᠤᠢ ᠻᠣᠮᠫᠠᠨᠢ᠂ ᠶᠡᢈᠡ ᠰᠤᠷᠭᠠᠭᠤᠯᠢ ᠨᠤᠭᠤᠳ ᠢ᠋ ᠬᠠᠮᠤᠷᠤᠭᠰᠠᠨ ᠣᠯᠠᠨ ᠤᠯᠤᠰ ᠤ᠋ᠨ ᠰᠲ᠋ᠠᠨ᠋ᠳᠠᠷᠲ ᠢ᠋ ᠪᠣᠯᠪᠠᠰᠤᠷᠠᠭᠤᠯᠬᠤ ᠳ᠋ᠤ ᠮᠠᠩᠯᠠᠶᠢᠯᠠᠨ ᠣᠷᠤᠯᠴᠠᠭᠰᠠᠨ ᠰᠠᠯᠪᠤᠷᠢ ᠶ᠋ᠢᠨ ᠲᠤᠷᠰᠢᠯᠭᠠᠲᠠᠢ ᠵᠢᠳᢈᠦᠯᠲᠡᠨ ᠶᠤᠮ᠃ ᢈᠥ᠂ᠬᠠ᠂ᠵᠠ᠂ᠬᠠ᠆ᠤ᠋ ᠳᠠᠷᠤᠭᠠ ᠵᠠ᠂ᠪᠠᠲᠤ᠆ᠡᠷᠳᠡᠨᠢ ᠡᠨᠡ ᠦᠶᠡ ᠪᠡᠷ ᠮᠣᠩᠭᠣᠯ ᠤᠯᠤᠰ ᠲᠤ ᠣᠷᠴᠢᠨ ᠴᠠᠭ ᠤ᠋ᠨ ᠬᠠᠷᠢᠯᠴᠠᠭᠠ ᠬᠣᠯᠪᠤᠭᠠᠨ ᠤ᠋ ᠰᠠᠯᠪᠤᠷᠢ ᠡᢉᠦᠰᠴᠦ ᢈᠥᢉᠵᠢᢉᠰᠡᠨ ᠦ᠋ ᠲᠡᠦᢈᠡᠲᠦ ᠑᠐᠕ ᠵᠢᠯ ᠦ᠋ᠨ ᠣᠢ ᠶ᠋ᠢᠨ ᢈᠦᠷᠢᠶᠡᠨ ᠳ᠋ᠦ ᠣᠯᠠᠨ ᠤᠯᠤᠰ ᠤ᠋ᠨ ᠪᠠᠶᠢᠭᠤᠯᠤᠯᠭᠠ ᠲᠠᠢ ᠬᠠᠷᠢᠯᠴᠠᠭᠠ ᠬᠠᠮᠲᠤ ᠶ᠋ᠢᠨ ᠠᠵᠢᠯᠯᠠᠭᠠ ᠪᠠᠨ ᠡᠷᠴᠢᠮᠲᠡᠢ ᠥᠷᢉᠡᠵᠢᢉᠦᠯᠵᠦ᠂ᠲᠧᢈᠨᠣᠯᠣᢉᠢ ᠶ᠋ᠢᠨ ᠳᠡᠪᠰᠢᠯ᠂ ᠴᠠᢈᠢᠮ ᠰᠢᠯᠵᠢᠯᠲᠡ᠂ ᠻᠢᠪᠧᠷ ᠠᠶᠤᠯ ᠦᢉᠡᠢ ᠪᠠᠶᠢᠳᠠᠯ ᠪᠣᠯᠤᠨ ᢈᠢᠮᠡᠯ ᠣᠶᠤᠨ ᠤ᠋ ᠵᠣᢈᠢᠴᠠᠭᠤᠯᠤᠯᠲᠠ ᠶ᠋ᠢᠨ ᠴᠢᢉᠯᠡᠯ ᠳ᠋ᠦ ᠣᠯᠠᠨ ᠤᠯᠤᠰ ᠤ᠋ᠨ ᠰᠲ᠋ᠠᠨ᠋ᠳᠠᠷᠲ ᠢ᠋ ᠨᠡᠪᠲᠡᠷᠡᢉᠦᠯᢈᠦ ᠳ᠋ᠦ ᠣᠨᠴᠤᠭᠤᠶᠢᠯᠠᠨ ᠠᠩᠬᠠᠷᠤᠨ ᠠᠵᠢᠯᠯᠠᠵᠤ ᠪᠠᠶᠢᠭᠠ ᠪᠠᠨ ᠢᠯᠡᠷᢈᠡᠶᠢᠯᠡᠯᠡ᠃ ᠲᠠᠯᠠ ᠨᠤᠭᠤᠳ ᠴᠠᠭᠠᠰᠢᠳᠠ ᠦᠨᠳᠦᠰᠦᠲᠡᠨ ᠳᠠᠮᠨᠠᠭᠰᠠᠨ ᠴᠠᢈᠢᠮ ᠫᠯᠠᠲ᠋ᠹᠣᠷᠮ᠂ ᠻᠣᠨ᠋ᠲ᠋ᠧᠨ᠋ᠲ ᠤ᠋ᠨ ᠵᠣᢈᠢᠴᠠᠭᠤᠯᠤᠯᠲᠠ᠂ ᢈᠡᠷᠡᢉᠯᠡᢉᠴᠢ ᠶ᠋ᠢᠨ ᠡᠷᢈᠡ ᠠᠰᠢᠭ ᠢ᠋ ᠬᠠᠮᠠᠭᠠᠯᠠᠬᠤ ᠴᠢᢉᠯᠡᠯ ᠳ᠋ᠦ ᠣᠯᠠᠨ ᠤᠯᠤᠰ ᠤ᠋ᠨ ᠪᠠᠶᠢᠭᠤᠯᠤᠯᠭᠠ ᠨᠤᠭᠤᠳ ᠲᠠᠢ ᠲᠤᠷᠰᠢᠯᠭᠠ ᠰᠣᠯᠢᠯᠴᠠᠵᠤ᠂ ᠬᠠᠮᠲᠤᠷᠠᠨ ᠠᠵᠢᠯᠯᠠᠬᠤ ᠪᠠᠷ ᠲᠣᢈᠢᠷᠠᠯᠠ᠃