WSIS ᠹᠣᠷᠦ᠋ᠮ ᠨᠢ ᠮᠡᠳᠡᢉᠡᠯᠡᠯ ᠦ᠋ᠨ ᠨᠡᠶᠢᢉᠡᠮ ᠢ᠋ ᢈᠥᢉᠵᠢᢉᠦᠯᢈᠦ ᠴᠢᢉᠯᠡᠯ ᠢ᠋ᠶᠡᠷ ᠵᠠᠰᠠᠭ ᠤ᠋ᠨ ᠭᠠᠵᠠᠷ᠂ᠬᠤᠪᠢ ᠶ᠋ᠢᠨ ᢈᠡᠪᠰᠢᠯ᠂ ᠢᠷᢉᠡᠨ ᠦ᠋ ᠨᠡᠶᠢᢉᠡᠮ᠂ ᠡᠷᠳᠡᠮ ᠰᠢᠨᠵᠢᠯᠡᢉᠡ᠂ ᠲᠧᢈᠨᠢᠻ ᠦ᠋ᠨ ᠪᠣᠯᠤᠨ ᠣᠯᠠᠨ ᠤᠯᠤᠰ ᠤ᠋ᠨ ᠪᠠᠶᠢᠭᠤᠯᠤᠯᠭᠠ ᠶ᠋ᠢᠨ ᠲᠥᠯᠦᢉᠡᠯᠡᠯ ᠢ᠋ ᠨᠢᢉᠡᠳᢈᠡᠳᠡᢉ ᠣᠯᠠᠨ ᠲᠠᠯᠠᠲᠤ ᠣᠷᠤᠯᠴᠠᠭᠴᠢᠳ ᠤ᠋ᠨ ᠵᠢᠯ ᠲᠤᠲᠤᠮ ᠤ᠋ᠨ ᠠᠷᠭᠠ ᢈᠡᠮᠵᠢᠶᠡ ᠪᠥᢉᠡᠳ WSIS᠆ᠶ᠋ᠢᠨ ᠦᠶᠢᠯᠡ ᠠᠵᠢᠯᠯᠠᠭᠠᠨ ᠤ᠋ ᠑᠑ ᠴᠢᢉᠯᠡᠯ ᠦ᠋ᠨ (C᠑–C᠑᠑) ᢈᠡᠷᠡᢉᠵᠢᠯᠲᠡ ᠶ᠋ᠢ ᢈᠢᠨᠠᠬᠤ᠂ ᠣᠯᠠᠨ ᠲᠠᠯᠠᠲᠤ ᠣᠷᠤᠯᠴᠠᠭᠴᠢᠳ ᠤ᠋ᠨ ᠰᠠᠨᠠᠯ ᠢ᠋ ᠨᠢᢉᠡᠳᢈᠡᢈᠦ᠂ ᠵᠢᠯ ᠲᠤᠲᠤᠮ ᠤ᠋ᠨ ᠲᠥᠯᠦᠪᠯᠡᢉᠡ ᠶ᠋ᠢ ᠲᠣᠳᠤᠷᠬᠠᠶᠢᠯᠠᠳᠠᠭ᠃ ᠡᠨᠡ ᠤᠳᠠᠭᠠ ᠶ᠋ᠢᠨ ᠹᠣᠷᠦ᠋ᠮ ᠨᠢ ᠨᠢ᠂ᠦ᠂ᠪᠠ᠆ᠶ᠋ᠢᠨ ᢈᠢᠮᠡᠯ ᠣᠶᠤᠨ ᠤ᠋ ᠵᠠᠰᠠᠭᠯᠠᠯ ᠤ᠋ᠨ ᠳᠡᠯᠡᢈᠡᠢ ᠶ᠋ᠢᠨ ᠠᠩᠬᠠᠳᠤᠭᠠᠷ ᠶᠠᠷᠢᠶᠠ ᢈᠡᠯᠡᠯᠴᠡᢉᠡ (Global Dialogue on AI Governance), ITU᠆ᠶ᠋ᠢᠨ «AI for Good» ᠳᠡᠯᠡᢈᠡᠢ ᠶ᠋ᠢᠨ ᠳᠡᢉᠡᠳᠦ ᢈᠡᠮᠵᠢᠶᠡᠨ ᠦ᠋ ᠠᠭᠤᠯᠵᠠᠯᠲᠠ ᠲᠠᠢ ᠬᠠᠮᠲᠤ «ᠵᠧᠨᠧᠸ ᠦ᠋ᠨ ᠴᠠᢈᠢᠮ ᠳᠣᠯᠤᠭᠠ ᠬᠣᠨᠤᠭ» (Geneva Digital Week) ᢈᠡᠯᠪᠡᠷᠢ ᠪᠡᠷ ᠵᠣᢈᠢᠶᠠᠨ ᠪᠠᠶᠢᠭᠤᠯᠤᠭᠳᠠᠭᠰᠠᠨ᠃

ᠹᠣᠷᠦ᠋ᠮ ᠤ᠋ᠨ ᠨᠡᢉᠡᢉᠡᠯᠲᠡ ᠶ᠋ᠢᠨ ᠦᠶᠡ ᠪᠡᠷ ᠳᠠᠷᠤᠭᠠᠯᠠᠭᠴᠢ ᠶ᠋ᠢᠨ ᠡᢉᠦᠷᢉᠡ ᠶ᠋ᠢ ᠡᠮᠦᠨᠡᠳᠦ ᠠᠹᠷᠢᠻᠠ ᠶ᠋ᠢᠨ ᠪᠦᢉᠦᠳᠡ ᠨᠠᠶᠢᠷᠠᠮᠳᠠᠬᠤ ᠤᠯᠤᠰ ᠠ᠋ᠴᠠ ᠧᢉᠢᠫᠧᠲ ᠦ᠋ᠨ ᠠᠷᠠᠪ ᠪᠦᢉᠦᠳᠡ ᠨᠠᠶᠢᠷᠠᠮᠳᠠᠬᠤ ᠤᠯᠤᠰ ᠲᠤ ᠰᠢᠯᠵᠢᢉᠦᠯᠵᠦ᠂ᠧᢉᠢᠫᠧᠲ ᠦ᠋ᠨ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᢈᠨᠣᠯᠣᢉᠢ ᠶ᠋ᠢᠨ ᠰᠠᠶᠢᠳ ᠷᠠᠹᠠᠲ ᠾᠧᠨ᠋ᠳᠢ WSIS Forum ᠒᠐᠒᠖᠆ᠶ᠋ᠢᠨ ᠳᠠᠷᠤᠭᠠ ᠪᠠᠷ ᠲᠣᠮᠢᠯᠠᠭᠳᠠᠪᠠ᠃
WSIS Forum ᠒᠐᠒᠖ ᠨᠢ WSIS+᠒᠐ ᠲᠣᠶᠢᠮᠤ ᠶ᠋ᠢᠨ ᠳᠠᠷᠠᠭᠠᢈᠢ ᠠᠩᠬᠠᠨ ᠤ᠋ ᠹᠣᠷᠦ᠋ᠮ ᠪᠣᠯᠬᠤ ᠶ᠋ᠢᠨ ᠬᠤᠪᠢ ᠳ᠋ᠤ ᠳᠡᠯᠡᢈᠡᠢ ᠶ᠋ᠢᠨ ᠴᠠᢈᠢᠮ ᢈᠥᢉᠵᠢᠯ ᠦ᠋ᠨ ᠪᠣᠳᠤᠯᠭᠠ ᠶ᠋ᠢᠨ ᠳᠠᠷᠠᠭᠠ ᠶ᠋ᠢᠨ ᠦᠶᠡ ᠱᠠᠲᠤᠨ ᠤ᠋ ᠪᠤᠶᠤ ᠒᠐᠓᠕ ᠣᠨ ᢈᠦᠷᠲᠡᠯᠡᢈᠢ ᠴᠢᢉ ᠪᠠᠷᠢᠮᠵᠢᠶᠠ ᠶ᠋ᠢ ᠲᠣᠳᠤᠷᠬᠠᠶᠢᠯᠠᠭᠰᠠᠨ᠂ᠮᠥᠨ ᠨᠢ᠂ᠦ᠂ᠪᠠ ᠊ ᠶ᠋ᠢᠨ ᢈᠢᠮᠡᠯ ᠣᠶᠤᠨ ᠤ᠋ ᠵᠠᠰᠠᠭᠯᠠᠯ ᠤ᠋ᠨ ᠪᠠᠶᠢᠩᠭᠤ ᠶ᠋ᠢᠨ ᠮᠧᠬᠠᠨᠢᠰᠮ ᠦᠶᠢᠯᠡ ᠠᠵᠢᠯᠯᠠᠭᠠ ᠪᠠᠨ ᠡᢈᠢᠯᠡᢉᠦᠯᠦᢉᠰᠡᠨ ᠲᠡᠦᢈᠡᠨ ᠠᠴᠢ ᠬᠣᠯᠪᠤᠭᠳᠠᠯᠲᠠᠢ ᠠᠷᠭᠠ ᢈᠡᠮᠵᠢᠶᠡ ᠪᠣᠯᠪᠠ᠃ ᠹᠣᠷᠦ᠋ᠮ ᠤ᠋ᠨ ᢈᠡᠯᠡᠯᠴᠡᢉᠦᠯᢉᠡ ᠡᠴᠡ ᠳᠠᠷᠠᠭᠠᢈᠢ ᠳ᠋ᠦᠩᠨᠡᠯᠲᠡ ᠶ᠋ᠢ ᢈᠢᠵᠦ ᠪᠠᠶᠢᠨᠠ᠃ ᠡᢉᠦᠨ ᠳ᠋ᠦ:\n\nWSIS+᠒᠐ ᠦᠷᠡ ᠳ᠋ᠦᠩ ᠦ᠋ᠨ ᠪᠠᠷᠢᠮᠲᠠ ᠪᠢᠴᠢᢉ ᠢ᠋ᠶᠡᠷ WSIS ᠹᠣᠷᠦ᠋ᠮ ᠢ᠋ ᠵᠢᠯ ᠪᠦᠷᠢ ᠵᠣᢈᠢᠶᠠᠨ ᠪᠠᠶᠢᠭᠤᠯᠬᠤ᠂ᠦᠶᠢᠯᠡ ᠠᠵᠢᠯᠯᠠᠭᠠᠨ ᠤ᠋ ᠴᠢᢉᠯᠡᠯ ᠦ᠋ᠳ ᠢ᠋ SDG, GDC᠆ᠲᠡᠢ ᠤᠶᠠᠯᠳᠤᠭᠤᠯᠤᠭᠰᠠᠨ ᠵᠠᠮ ᠤ᠋ᠨ ᠵᠢᠷᠤᠭ ᠲᠠᠢ ᠪᠣᠯᠭᠠᠬᠤ᠂ ᢈᠡᠷᠡᢉᠵᠢᠯᠲᠡ ᠶ᠋ᠢ ᠬᠣᠶᠠᠷ ᠵᠢᠯ ᠲᠤᠲᠤᠮ ᠲᠠᠶᠢᠯᠤᠩᠨᠠᠬᠤ᠂ ᠳᠠᠷᠠᠭᠠ ᠶ᠋ᠢᠨ ᠲᠣᠶᠢᠮᠤ ᠶ᠋ᠢ ᠒᠐᠓᠕ ᠣᠨ ᠳ᠋ᠤ ᢈᠢᢈᠦ ᠪᠡᠷ ᠲᠣᠭᠲᠠᠭᠰᠠᠨ ᠨᠢ ᠴᠠᠭᠠᠰᠢᠳᠠ ᠠᠷᠪᠠᠨ ᠵᠢᠯ ᠦ᠋ᠨ ᠬᠤᠭᠤᠴᠠᠭᠠᠨ ᠳ᠋ᠤ WSIS ᠦᠶᠢᠯᠡ ᠶᠠᠪᠤᠴᠠ ᠳᠡᠯᠡᢈᠡᠢ ᠶ᠋ᠢᠨ ᠴᠠᢈᠢᠮ ᠪᠣᠳᠤᠯᠭᠠ ᠶ᠋ᠢᠨ ᠭᠣᠣᠯ ᠲᠤᠯᠭᠠᠭᠤᠷ ᠪᠠᠶᠢᠬᠤ ᠶ᠋ᠢ ᠪᠠᠲᠤᠯᠠᠭᠠᠵᠢᠭᠤᠯᠪᠠ;\nᢈᠢᠮᠡᠯ ᠣᠶᠤᠨ ᠤ᠋ ᠵᠠᠰᠠᠭᠯᠠᠯ᠂ᠻᠢᠪᠧᠷ ᠠᠶᠤᠯ ᠦᢉᠡᠢ ᠪᠠᠶᠢᠳᠠᠯ᠂ ᠣᠨ᠋ᠯᠠᠶᠢᠨ᠋ ᠠᠶᠤᠯ ᠦᢉᠡᠢ ᠪᠠᠶᠢᠳᠠᠯ᠂ ᠥᢉᢉᠦᢉᠳᠡᠯ ᠦ᠋ᠨ ᠵᠠᠰᠠᠭᠯᠠᠯ᠂ᠴᠢᠬᠤᠯᠠ ᠳᠡᠳ᠋ ᠪᠦᠲᠦᠴᠡ ᠶ᠋ᠢᠨ ᠲᠡᠰᠪᠦᠷᠢᠳᠦ ᠴᠢᠨᠠᠷ ᠵᠡᠷᢉᠡ ᠰᠡᠳᠦᠪ ᠵᠣᢈᠢᠴᠠᠭᠤᠯᠬᠤ ᠪᠠᠶᠢᠭᠤᠯᠤᠯᠭᠠ ᠨᠤᠭᠤᠳ ᠤ᠋ᠨ ᠦᠶᠢᠯᠡ ᠠᠵᠢᠯᠯᠠᠭᠠᠨ ᠤ᠋ ᠲᠡᠷᠢᢉᠦᠯᠡᢈᠦ ᠴᠢᢉᠯᠡᠯ ᠪᠣᠯᠵᠤ ᠪᠤᠢ ᠨᠢ ᠬᠣᠷᠢᠶᠠᠨ ᠤ᠋ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠰᠲ᠋ᠷᠠᠲ᠋ᠧᢉᠢ ᠲᠥᠯᠦᠪᠯᠡᢉᠡ (᠒᠐᠒᠖–᠒᠐᠓᠐), ITU᠆ᠶ᠋ᠢᠨ G᠕ ᠵᠣᢈᠢᠴᠠᠭᠤᠯᠤᠯᠲᠠ ᠶ᠋ᠢᠨ ᠲᠥᠯᠦᠪᠰᠢᠯ ᠦ᠋ᠨ ᠵᠣᠷᠢᠯᠲᠠ ᠲᠠᠢ ᠪᠦᠷᠢᠨ ᠨᠡᠶᠢᠴᠡᠵᠦ ᠪᠠᠶᠢᠨᠠ;\nᢈᠢᠮᠡᠯ ᠣᠶᠤᠨ ᠤ᠋ ᠵᠠᠰᠠᠭᠯᠠᠯ ᠤ᠋ᠨ ᠳᠡᠯᠡᢈᠡᠢ ᠶ᠋ᠢᠨ ᠶᠠᠷᠢᠶᠠ ᢈᠡᠯᠡᠯᠴᠡᢉᠡ ᠨᠢ ᠪᠦᢈᠦ ᠤᠯᠤᠰ ᠣᠷᠤᠨ ᠲᠡᢉᠰᠢ ᠣᠷᠤᠯᠴᠠᠬᠤ ᠨᠢ᠂ᠦ᠂ᠪᠠ᠆ᠶ᠋ᠢᠨ ᠪᠠᠶᠢᠩᠭᠤ ᠶ᠋ᠢᠨ ᠶᠡᠨᠳᠡᠷ ᠪᠣᠯᠵᠤ ᠪᠠᠶᠢᠭᠠ ᠪᠥᢉᠡᠳ ᢈᠥᢉᠵᠢᠵᠦ ᠪᠤᠢ ᠣᠷᠤᠨ ᠨᠤᠭᠤᠳ ᠤ᠋ᠨ ᠴᠢᠳᠠᠪᢈᠢ ᠪᠡᢈᠢᠵᠢᢉᠦᠯᢈᠦ ᠠᠰᠠᠭᠤᠳᠠᠯ ᠢ᠋ ᠲᠡᠷᠢᢉᠦᠯᠡᢈᠦ ᠴᠢᢉᠯᠡᠯ ᠢ᠋ᠶᠡᠷ ᠲᠣᠳᠤᠷᠬᠠᠶᠢᠯᠠᠭᠰᠠᠨ ᠨᠢ ᠮᠣᠩᠭᠣᠯ ᠤᠯᠤᠰ ᠤ᠋ᠨ ᠬᠤᠪᠢ ᠳ᠋ᠤ ᢈᠢᠮᠡᠯ ᠣᠶᠤᠨ ᠤ᠋ ᠪᠣᠳᠤᠯᠭᠠ᠂ᠵᠣᢈᠢᠴᠠᠭᠤᠯᠤᠯᠲᠠ ᠶ᠋ᠢᠨ ᠴᠢᠳᠠᠪᢈᠢ ᠪᠠᠨ ᠪᠡᢈᠢᠵᠢᢉᠦᠯᢈᠦ ᠣᠯᠠᠨ ᠤᠯᠤᠰ ᠤ᠋ᠨ ᠳᠡᠮᠵᠢᠯᢉᠡ ᠠᠪᠬᠤ ᠪᠣᠯᠤᠮᠵᠢ ᠶ᠋ᠢ ᠨᠡᢉᠡᢉᠡᠵᠦ ᠪᠠᠶᠢᠨᠠ;\nᠣᠯᠠᠨ ᢈᠡᠯᠡᠲᠦ ᢈᠢᠮᠡᠯ ᠣᠶᠤᠨ ᠤ᠋ ᢈᠦᠷᠲᠡᢉᠡᠮᠵᠢ ᠶ᠋ᠢᠨ ᠠᠰᠠᠭᠤᠳᠠᠯ ᠣᠯᠠᠨ ᠤᠯᠤᠰ ᠤ᠋ᠨ ᢈᠡᠮᠵᠢᠶᠡᠨ ᠳ᠋ᠦ ᢈᠦᠴᠦᠲᠡᠢ ᠳᠡᠮᠵᠢᠯᢉᠡ ᠠᠪᠴᠤ ᠪᠤᠢ ᠨᠢ ᠮᠣᠩᠭᠣᠯ ᢈᠡᠯᠡ ᠶ᠋ᠢ ᢈᠢᠮᠡᠯ ᠣᠶᠤᠨ ᠤ᠋ ᠵᠠᠭᠪᠤᠷ ᠲᠤ ᠨᠡᠪᠲᠡᠷᠡᢉᠦᠯᢈᠦ ᠠᠵᠢᠯ ᠢ᠋ ᠣᠯᠠᠨ ᠤᠯᠤᠰ ᠤ᠋ᠨ ᠲᠦᠪᠰᠢᠨ ᠳ᠋ᠦ ᠰᠤᠷᠲᠠᠯᠴᠢᠯᠠᠬᠤ᠂ᠲᠦᠩᠰᠢᠯᠡᠯ ᠥᠷᢉᠡᠵᠢᢉᠦᠯᢈᠦ ᠲᠠᠭᠠᠲᠠᠢ ᠨᠥᢈᠦᠴᠡᠯ ᠢ᠋ ᠪᠦᠷᠢᠳᠦᢉᠦᠯᠵᠦ ᠪᠠᠶᠢᠨᠠ;\n«AI for Good» ᠠᠭᠤᠯᠵᠠᠯᠲᠠ ᠶ᠋ᠢᠨ ᢈᠡᠯᠡᠯᠴᠡᢉᠦᠯᢉᠡ ᠡᠴᠡ ᢈᠢᠮᠡᠯ ᠣᠶᠤᠨ ᠳ᠋ᠤ ᠰᠠᠭᠤᠷᠢᠯᠠᠭᠰᠠᠨ ᠬᠠᠷᠢᠯᠴᠠᠭᠠ ᠬᠣᠯᠪᠤᠭᠠᠨ ᠤ᠋ ᠰᠦᠯᠵᠢᠶᠡ᠂ᠠᢉᠧᠨ᠋ᠲ ᢈᠢᠮᠡᠯ ᠣᠶᠤᠨ ᠤ᠋ ᠠᠶᠤᠯ ᠦᢉᠡᠢ ᠪᠠᠶᠢᠳᠠᠯ᠂ ᠬᠠᠭᠤᠷᠮᠠᠴᠢ ᠻᠣᠨ᠋ᠲ᠋ᠧᠨ᠋ᠲ᠂ᢈᠢᠮᠡᠯ ᠣᠶᠤᠨ ᠤ᠋ ᠳᠡᠳ᠋ ᠪᠦᠲᠦᠴᠡ᠂ ᠡᠷᠴᠢᠮ ᢈᠦᠴᠦᠨ ᠦ᠋ ᢈᠡᠷᠡᢉᠴᠡᢉᠡ ᠵᠡᠷᢉᠡ ᠠᠰᠠᠭᠤᠳᠠᠯ ᠣᠶᠢᠷᠠ ᠶ᠋ᠢᠨ ᠵᠢᠯ ᠦ᠋ᠳ ᠲᠦ ᠬᠠᠷᠢᠯᠴᠠᠭᠠ ᠬᠣᠯᠪᠤᠭᠠᠨ ᠤ᠋ ᠵᠣᢈᠢᠴᠠᠭᠤᠯᠤᠯᠲᠠ ᠶ᠋ᠢᠨ ᠰᠢᠨᠡ ᠰᠣᠷᠢᠯᠲᠠ ᠪᠣᠯᠬᠤ ᠪᠠᠷ ᠪᠠᠶᠢᠨᠠ;\nᠹᠣᠷᠦ᠋ᠮ ᠤ᠋ᠨ ᢈᠦᠷᠢᠶᠡᠨ ᠳ᠋ᠦ ᢈᠢᢉᠰᠡᠨ ᠬᠣᠶᠠᠷ ᠲᠠᠯᠠᠲᠤ ᠠᠭᠤᠯᠵᠠᠯᠲᠠ ᠨᠤᠭᠤᠳ ᠨᠢ ᠬᠣᠷᠢᠶᠠᠨ ᠤ᠋ ᠬᠣᠶᠠᠷ ᠲᠠᠯᠠᠲᠤ ᠬᠠᠮᠲᠤ ᠶ᠋ᠢᠨ ᠠᠵᠢᠯᠯᠠᠭᠠᠨ ᠤ᠋ ᢈᠦᠷᠢᠶᠡ ᠶ᠋ᠢ ᠥᠷᢉᠡᠵᠢᢉᠦᠯᢈᠦ᠂ᠰᠢᠨᠡ ᠲᠦᠩᠰᠢᠯᠡᠯ ᠲᠣᠭᠲᠠᠭᠠᠬᠤ ᠳ᠋ᠤ ᠪᠣᠳᠠᠲᠤ ᠬᠤᠪᠢ ᠨᠡᠮᠡᠷᠢ ᠣᠷᠤᠭᠤᠯᠪᠠ᠃