ᠲᠤᠰ ᠠᠶᠠᠨ ᠢ᠋ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ᠂ ᠴᠠᢈᠢᠮ ᢈᠥᢉᠵᠢᠯ᠂ᠢᠨ᠋᠊ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ᠂ ᠪᠣᠯᠪᠠᠰᠤᠷᠠᠯ ᠤ᠋ᠨ ᠶᠠᠮᠤ᠂ ᠪᠣᠯᠪᠠᠰᠤᠷᠠᠯ ᠤ᠋ᠨ ᠶᠡᠷᠦᠩᢈᠡᠢ ᠭᠠᠵᠠᠷ ᠪᠣᠯᠤᠨ ᠶᠠᠫᠣᠨ᠋ ᠤᠯᠤᠰ ᠤ᠋ᠨ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭᠠ (ᠵᠠᠶᠢᠻᠠ)-ᠲᠠᠢ ᠬᠠᠮᠲᠤᠷᠠᠨ ᠦᠨᠳᠦᠰᠦᠨ ᠦ᠋ ᢈᠡᠮᠵᠢᠶᠡᠨ ᠳ᠋ᠦ ᠵᠣᢈᠢᠶᠠᠨ ᠪᠠᠶᠢᠭᠤᠯᠵᠤ ᠪᠠᠶᠢᠨᠠ᠃
ᢈᠡᠪᠯᠡᠯ ᠦ᠋ᠨ ᠬᠤᠷᠠᠯ ᠢ᠋ᠶᠠᠷ ᠠᠶᠠᠨ ᠤ᠋ ᠵᠣᠷᠢᠯᠭᠠ᠂ ᢈᠡᠷᠡᢉᠵᠢᢉᠦᠯᢈᠦ ᠦᠶᠢᠯᠡ ᠠᠵᠢᠯᠯᠠᠭᠠ᠂ᢈᠡᠦᢈᠡᠳ᠂ ᠡᠴᠢᢉᠡ ᠡᢈᠡ᠂ ᠪᠠᠭᠰᠢ᠂ ᠰᠤᠷᠭᠠᠭᠤᠯᠢ ᠶ᠋ᠢᠨ ᠠᠵᠢᠯᠲᠠᠨ ᠪᠣᠯᠤᠨ ᠣᠯᠠᠨ ᠨᠡᠶᠢᠲᠡ ᠳ᠋ᠦ ᢈᠦᠷᢉᠡᢈᠦ ᠮᠡᠳᠡᢉᠡᠯᠡᠯ᠂ᠵᠥᠪᠯᠡᠮᠵᠢ ᠶ᠋ᠢᠨ ᠲᠠᠯᠠᠭᠠᠷ ᠴᠡ᠂ᠬᠤ᠂ᠢ᠂ᠬᠠ᠂ᠶᠠ ᠊ ᠤ᠋ ᠬᠠᠷᠢᠯᠴᠠᠭᠠ ᠬᠣᠯᠪᠤᠭᠠ᠂ ᠻᠢᠪᠧᠷ ᠠᠶᠤᠯ ᠦᢉᠡᠢ ᠪᠠᠶᠢᠳᠠᠯ ᠤ᠋ᠨ ᠪᠣᠳᠤᠯᠭᠠ ᠶ᠋ᠢᠨ ᢈᠡᠷᠡᢉᠵᠢᠯᠲᠡ ᠶ᠋ᠢ ᠵᠣᢈᠢᠴᠠᠭᠤᠯᠬᠤ ᠭᠠᠵᠠᠷ ᠤ᠋ᠨ ᠻᠢᠪᠧᠷ ᠠᠶᠤᠯ ᠦᢉᠡᠢ ᠪᠠᠶᠢᠳᠠᠯ ᠤ᠋ᠨ ᢈᠡᠯᠲᠡᠰ ᠦ᠋ᠨ ᠳᠠᠷᠤᠭᠠ ᠡ᠂ᠪᠠᠯᠳᠠᠨᠰᠠᠮᠪᠤᠤ᠂ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭᠠ ᠲ᠂ᠪᠠᠲᠤᠪᠣᠯᠤᠳ᠂ᠶᠠᠫᠣᠨ᠋ ᠤᠯᠤᠰ ᠤ᠋ᠨ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭᠠ (ᠵᠠᠶᠢᠻᠠ)-ᠤ᠋ᠨ “ᠻᠢᠪᠧᠷ ᠠᠶᠤᠯ ᠦᢉᠡᠢ ᠪᠠᠶᠢᠳᠠᠯ ᠤ᠋ᠨ ᢈᠦᠮᠦᠨ ᠦ᠋ ᠨᠥᢉᠡᠴᠡ ᠶ᠋ᠢ ᢈᠥᢉᠵᠢᢉᠦᠯᢈᠦ ᠨᠢ” ᠲᠥᠰᠦᠯ ᠦ᠋ᠨ ᠠᠬᠠᠯᠠᠬᠤ ᠵᠥᠪᠯᠡᢈᠦ ᠢᠳᠡ ᢈᠢᠷᠣᠶᠦ᠋ᠻᠢ᠂ ᠵᠣᢈᠢᠴᠠᠭᠤᠯᠤᠭᠴᠢ ᠭ᠂ᠴᠣᠭᠲᠤᠪᠠᠭᠠᠲᠤᠷ ᠨᠠᠷ ᠮᠡᠳᠡᢉᠡᠯᠡᠯ ᠥᢉᢉᠦᠯᠡ᠃

ᠡᠨᠡ ᢈᠦ ᠠᠶᠠᠨ ᠤ᠋ ᠵᠣᠷᠢᠯᠭᠠ ᠨᠢ “ᠴᠠᢈᠢᠮ ᠳᠡᢉᠡᠷᠡᠯᢈᠡᠯᠲᠡ ᠡᠴᠡ ᠰᠡᠷᢉᠡᠶᠢᠯᠡᠶᠡ” ᠠᠶᠠᠨ ᠤ᠋ ᠵᠣᠷᠢᠯᠭᠠ ᠨᠢ ᢈᠡᠦᢈᠡᠳ᠂ᠥᠰᠪᠦᠷᠢ ᠦᠶᠡ ᠶ᠋ᠢᠨ ᢈᠢᠨ ᠢ᠋ ᠴᠠᢈᠢᠮ ᠳᠡᢉᠡᠷᠡᠯᢈᠡᠯᠲᠡ ᠪᠣᠯᠤᠨ ᠲᠡᢉᠦᠨ ᠡᠴᠡ ᠡᢉᠦᠳᢈᠦ ᠡᠷᠦᠰᠳᠡᠯ ᠡᠴᠡ ᠤᠷᠢᠳᠴᠢᠯᠠᠨ ᠰᠡᠷᢉᠡᠶᠢᠯᠡᢈᠦ᠂ᠴᠠᢈᠢᠮ ᠣᠷᠴᠢᠨ ᠳ᠋ᠤ ᠵᠥᠪ ᠵᠣᢈᠢᠰᠲᠠᠢ᠂ ᠬᠠᠷᠢᠭᠤᠴᠠᠯᠭᠠᠲᠠᠢ ᠬᠠᠷᠢᠯᠴᠠᠬᠤ᠂ ᠥᠪᠡᠷ ᠢ᠋ ᠪᠡᠨ ᠪᠣᠯᠤᠨ ᠪᠤᠰᠤᠳ ᠢ᠋ ᠬᠠᠮᠠᠭᠠᠯᠠᠬᠤ ᠮᠡᠳᠡᠯᢉᠡ᠂ ᠬᠠᠨᠳᠤᠯᠭᠠ᠂ ᠵᠥᠪ ᠳᠠᠳᠤᠯ ᠢ᠋ ᠲᠥᠯᠦᠪᠰᠢᢉᠦᠯᢈᠦ ᠳ᠋ᠦ ᠣᠷᠤᠰᠢᠨᠠ᠃