ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠮᠣᠩᠭᠣᠯ ᠤᠯᠤᠰ ᠲᠤ ᠬᠠᠮᠤᠷᠬᠤ ᢈᠦᠷᠢᠶᠡ ᠲᠡᠢ ᠲᠧᠯᠧᠸᠢᠽ ᠦ᠋ᠳ ᠲᠦ ᠮᠡᠳᠡᢉᠡ᠂ᠮᠡᠳᠡᢉᠡᠯᠡᠯ ᠦ᠋ᠨ ᢈᠥᠲᠦᠯᠪᠦᠷᠢ᠂ ᢈᠡᠦᢈᠡᠳ ᠦ᠋ᠨ ᠪᠣᠯᠤᠨ ᠲᠠᠨᠢᠨ ᠮᠡᠳᠡᢈᠦᠢ ᠶ᠋ᠢᠨ ᠨᠡᠪᠲᠡᠷᠡᢉᠦᠯᢉᠡ ᠶ᠋ᠢ ᠳᠣᢈᠢᠶᠠᠨ ᠤ᠋ ᢈᠡᠯᠡᠨ ᠦ᠋ ᢈᠡᠯᠡᠮᠦᠷᠴᠢ ᠲᠡᠢ ᠡᠰᠡᢈᠦᠯᠡ ᠬᠠᠳᠠᠮᠠᠯ ᠲᠠᠶᠢᠯᠪᠤᠷᠢ ᠲᠠᠢ ᠭᠠᠷᠭᠠᠬᠤ ᠦᠶᠡ ᠱᠠᠲᠤ ᠲᠠᠢ ᠲᠥᠯᠦᠪᠯᠡᢉᠡ ᠶ᠋ᠢ ᠪᠣᠯᠪᠠᠰᠤᠷᠠᠭᠤᠯᠤᠨ ᠲᠧᠯᠧᠸᠢᠽ ᠦ᠋ᠨ ᠦᠶᠢᠯᠡᠴᠢᠯᠡᢉᠡ ᠡᠷᢈᠢᠯᠡᢉᠴᠢᠳ ᠲᠦ ᠲᠠᠨᠢᠯᠴᠠᠭᠤᠯᠵᠤ᠂ᢈᠡᠷᠡᢉᠵᠢᠯᠲᠡ ᠳ᠋ᠦ ᠨᠢ ᢈᠢᠨᠠᠯᠲᠠ ᠲᠠᠯᠪᠢᠨ ᠠᠵᠢᠯᠯᠠᠳᠠᠭ ᠪᠢᠯᠡ᠃ ᠡᠨᠡ ᠴᠢᢉ ᠡᢉᠦᠷᢉᠡ ᠶ᠋ᠢᠨ ᢈᠦᠷᠢᠶᠡᠨ ᠳ᠋ᠦ ᠒᠐᠒᠖ ᠣᠨ ᠤ᠋ ᠐᠙᠆ᠷ ᠰᠠᠷᠠ ᠶ᠋ᠢᠨ ᠐᠒᠆ᠤ᠋ ᠡᠳᠦᠷ ᠲᠧᠯᠧᠸᠢᠽ ᠦ᠋ᠨ ᠦᠶᠢᠯᠡᠴᠢᠯᠡᢉᠡ ᠡᠷᢈᠢᠯᠡᢉᠴᠢ ᠪᠠᠶᠢᠭᠤᠯᠤᠯᠭᠠ ᠨᠤᠭᠤᠳ ᠤ᠋ᠨ ᠲᠥᠯᠦᢉᠡᠯᠡᠯ ᠢ᠋ ᠣᠷᠤᠯᠴᠠᠭᠤᠯᠤᠨ ᠳᠣᢈᠢᠶᠠᠨ ᠤ᠋ ᢈᠡᠯᠡᠨ ᠦ᠋ ᢈᠡᠯᠡᠮᠦᠷᠴᠢ ᠲᠡᠢ᠂ᠬᠠᠳᠠᠮᠠᠯ ᠲᠠᠶᠢᠯᠪᠤᠷᠢᠲᠠᠢ ᠨᠡᠪᠲᠡᠷᠡᢉᠦᠯᢉᠡ ᠶ᠋ᠢᠨ ᠲᠥᠯᠦᠪᠯᠡᠯᠲᠡ᠂ ᠲᠡᢉᠦᠨ ᠦ᠋ ᢉᠦᠶᠢᠴᠡᠳᢈᠡᠯ ᠢ᠋ ᢈᠡᠷᢈᠢᠨ ᠬᠠᠩᠭᠠᠬᠤ ᠲᠠᠯᠠᠭᠠᠷ ᠪᠣᠯᠤᠨ ᢈᠥᢉᠵᠢᠯ ᠦ᠋ᠨ ᠪᠡᠷᢈᠡᠰᠢᠶᠡᠯᠲᠡᠢ ᢈᠦᠮᠦᠨ ᠦ᠋ ᠮᠡᠳᠡᢉᠡᠯᠡᠯ ᠦ᠋ᠨ ᢈᠦᠷᠲᠡᢉᠡᠮᠵᠢ ᠶ᠋ᠢ ᠨᠡᠮᠡᢉᠳᠡᢉᠦᠯᢈᠦ ᠪᠣᠯᠤᠮᠵᠢ᠂ᠴᠠᠭᠠᠰᠢᠳᠠ ᠠᠪᠴᠤ ᢈᠡᠷᠡᢉᠵᠢᢉᠦᠯᢈᠦ ᠠᠷᠭᠠ ᢈᠡᠮᠵᠢᠶᠡᠨ ᠦ᠋ ᠲᠠᠯᠠᠭᠠᠷ ᠰᠤᠷᠭᠠᠯᠲᠠ ᢈᠡᠯᠡᠯᠴᠡᢉᠦᠯᢉᠡ ᠶ᠋ᠢ ᠵᠣᢈᠢᠶᠠᠨ ᠪᠠᠶᠢᠭᠤᠯᠤᠯᠠ᠃
ᠥᠨᠦᠳᠦᠷ ᠦ᠋ᠨ ᠪᠠᠶᠢᠳᠠᠯ ᠢ᠋ᠶᠠᠷ ᠮᠣᠩᠭᠣᠯ ᠤᠯᠤᠰ ᠲᠤ ᠬᠠᠮᠤᠷᠬᠤ ᢈᠦᠷᠢᠶᠡ ᠲᠡᠢ ᠤᠯᠠᠭᠠᠨᠪᠠᠭᠠᠲᠤᠷ ᠬᠣᠲᠠ ᠶ᠋ᠢᠨ ᠥᠷᢉᠡᠨ ᠨᠡᠪᠲᠡᠷᠡᢉᠦᠯᢉᠡ ᠶ᠋ᠢᠨ ᠑᠘᠂ ᠣᠷᠤᠨ ᠨᠤᠲᠤᠭ ᠤ᠋ᠨ ᠓ ᠲᠧᠯᠧᠸᠢᠽ ᠪᠣᠯᠤᠨ ᢈᠥᠲᠦᠯᠪᠦᠷᠢ ᠳ᠋ᠦ ᠪᠡᠨ ᠴᠠᠭ ᠦᠶᠡ ᠶ᠋ᠢᠨ ᠮᠡᠳᠡᢉᠡ᠂ ᠮᠡᠳᠡᢉᠡᠯᠡᠯ᠂ ᢈᠡᠦᢈᠡᠳ ᠦ᠋ᠨ ᠪᠣᠯᠤᠨ ᠲᠠᠨᠢᠨ ᠮᠡᠳᠡᢈᠦᠢ ᠶ᠋ᠢᠨ ᠨᠡᠪᠲᠡᠷᠡᢉᠦᠯᢉᠡ ᠨᠦ᠋ᢉᠦᠳ ᠲᠤᠰᠬᠠᠨ ᠨᠡᠪᠲᠡᠷᠡᢉᠦᠯᠳᠡᢉ ᠠᠷᠠᠯᠵᠢᠶᠠᠨ ᠤ᠋ ᠒᠕᠂ ᠨᠡᠶᠢᠲᠡ ᠔᠖ ᠲᠧᠯᠧᠸᠢᠽ ᠳᠣᢈᠢᠶᠠᠨ ᠤ᠋ ᢈᠡᠯᠡ ᠲᠡᠢ᠂ ᠡᠰᠡᠪᠡᠯ ᠬᠠᠳᠠᠮᠠᠯ ᠲᠠᠶᠢᠯᠪᠤᠷᠢ ᠲᠠᠢ ᠨᠡᠪᠲᠡᠷᠡᢉᠦᠯᢉᠡ ᠨᠡᠪᠲᠡᠷᠡᢉᠦᠯᢈᠦ ᠡᢉᠦᠷᢉᠡ ᢈᠦᠯᠢᠶᠡᠵᠦ ᠪᠠᠶᠢᠨᠠ᠃