ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ (ᠬᠣ᠂ᠬᠠ᠂ᠵᠠ᠂ᠬᠠ)-ᠨᠤ ᠳᠠᠷᠤᠭᠠ ᠵᠠ᠂ᠪᠠᠲᠤ᠆ᠡᠷᠳᠡᠨᠢ ᠪᠡᠷ ᠠᠬᠠᠯᠠᠭᠤᠯᠤᠭᠰᠠᠨ ᠲᠥᠯᠦᢉᠡᠯᠡᢉᠴᠢᠳ ᠠᠮᠧᠷᠢᠻᠠ ᠶ᠋ᠢᠨ ᠨᠢᢉᠡᠳᠦᢉᠰᠡᠨ ᠤᠯᠤᠰ ᠲᠤ ᢈᠢᢉᠰᠡᠨ ᠠᠯᠪᠠᠨ ᠲᠣᠮᠢᠯᠠᠯᠲᠠ ᠶ᠋ᠢᠨ ᢈᠦᠷᠢᠶᠡᠨ ᠳ᠋ᠦ ᠒᠐᠒᠖ ᠣᠨ ᠤ᠋ ᠖ ᠳ᠋ᠤᠭᠠᠷ ᠰᠠᠷᠠ ᠶ᠋ᠢᠨ ᠒᠖᠆ᠤ᠋ ᠡᠳᠦᠷ Google LLC ᠻᠣᠮᠫᠠᠨᠢ ᠶ᠋ᠢᠨ ᠸᠠᠱᠢᠩᠲ᠋ᠣᠨ᠋ ᠬᠣᠲᠠ ᠳ᠋ᠠᢈᠢ ᠲᠥᠯᠦᢉᠡᠯᠡᢉᠴᠢ ᠶ᠋ᠢᠨ ᠭᠠᠵᠠᠷ ᠲᠤ ᠠᠯᠪᠠᠨ ᠠᠭᠤᠯᠵᠠᠯᠲᠠ ᢈᠢᠯᠡ᠃ ᠠᠭᠤᠯᠵᠠᠯᠲᠠ ᠳ᠋ᠤ Google LLC ᠻᠣᠮᠫᠠᠨᠢ ᠶ᠋ᠢᠨ ᠲᠠᠯᠠ ᠠ᠋ᠴᠠ ᠠ᠂ᠨᠢ᠂ᠤ ᠳ᠋ᠠᢈᠢ ᢈᠢᠮᠡᠯ ᠣᠶᠤᠨ ᠤᠬᠠᠭᠠᠨ ᠤ᠋ ᠰᠲ᠋ᠷᠠᠲ᠋ᠧᢉᠢ ᠬᠠᠷᠢᠭᠤᠴᠠᠭᠰᠠᠨ ᠲᠡᠷᠢᢉᠦᠨ ᠰᠻᠣᠲ᠋ᠲ ᠳ᠋ᠣᠶᠢᠴᠢᠮᠠᠨ᠋᠂ᠬᠠᠤᠯᠢ ᠶ᠋ᠢᠨ ᠵᠥᠪᠯᠡᢈᠦ ᠨᠢᠮᠠ ᠪᠢᠨᠠᠷᠠ᠂ ᠬᠠᠷᠢᠯᠴᠠᠭᠠ ᠬᠣᠯᠪᠤᠭᠠᠨ ᠤ᠋ ᠡᠷᢈᠡ ᠵᠦᠢ ᠬᠠᠷᠢᠭᠤᠴᠠᠭᠰᠠᠨ ᠵᠠᢈᠢᠷᠤᠯ ᠳ᠋ᠠᠷᠠ ᠹᠷᠠᠨ᠋ᠻᠯᠢᠨ᠋ ᠨᠠᠷ᠂ᠮᠣᠩᠭᠣᠯ ᠤᠯᠤᠰ ᠠ᠋ᠴᠠ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭᠠ ᠵᠠ᠂ᠪᠠᠲᠤ᠆ᠡᠷᠳᠡᠨᠢ᠂ᠵᠠᠰᠠᠭ ᠤ᠋ᠨ ᠭᠠᠵᠠᠷ ᠤ᠋ᠨ ᢈᠡᠷᠡᢉ ᠡᠷᢈᠢᠯᠡᢈᠦ ᠭᠠᠵᠠᠷ ᠤ᠋ᠨ ᠵᠠᢈᠢᠷᠭᠠ᠂ ᠵᠣᢈᠢᠶᠠᠨ ᠪᠠᠶᠢᠭᠤᠯᠤᠯᠲᠠ ᠶ᠋ᠢᠨ ᠭᠠᠵᠠᠷ ᠤ᠋ᠨ ᠳᠠᠷᠤᠭᠠ ᠫ᠂ᠪᠠᠲᠤᠲᠦ᠋ᠷᠦ᠂ᢈᠥ᠂ᠬᠠ᠂ᠵᠠ᠂ᠬᠠ᠆ᠤ᠋ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭᠠ ᠲ᠂ᠪᠠᠲᠤᠪᠣᠯᠤᠳ᠂ ᢈᠥ᠂ᠬᠠ᠂ᠵᠠ᠂ᠬᠠ᠆ᠤ᠋ ᠭᠠᠳᠠᠭᠠᠳᠤ ᠬᠠᠮᠲᠤ ᠶ᠋ᠢᠨ ᠠᠵᠢᠯᠯᠠᠭᠠ ᠬᠠᠷᠢᠭᠤᠴᠠᠭᠰᠠᠨ ᠮᠡᠷᢉᠡᠵᠢᠯᠲᠡᠨ ᠳ᠂ᠸᠴᠢᠷᠫᠦ᠋ᠷᠪᠦ ᠨᠠᠷ ᠣᠷᠤᠯᠴᠠᠭᠰᠠᠨ ᠶᠤᠮ᠃

ᠲᠠᠯᠠ ᠨᠤᠭᠤᠳ ᠴᠠᢈᠢᠮ ᠣᠷᠴᠢᠨ ᠳ᠋ᠠᢈᠢ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ᠂ ᢈᠡᠦᢈᠡᠳ ᠬᠠᠮᠠᠭᠠᠯᠠᠯ᠂ ᠮᠡᠳᠡᢉᠡᠯᠡᠯ ᠰᠣᠯᠢᠯᠴᠠᠭᠠᠨ ᠤ᠋ ᠴᠢᢉᠯᠡᠯ ᠢ᠋ᠶᠡᠷ ᠰᠠᠨᠠᠯ ᠰᠣᠯᠢᠯᠴᠠᠵᠤ᠂ ᠳᠠᠷᠠᠭᠠᢈᠢ ᠴᠢᢉᠯᠡᠯ ᠢ᠋ᠶᠡᠷ ᠬᠠᠮᠲᠤᠷᠠᠨ ᠠᠵᠢᠯᠯᠠᠬᠤ ᠪᠠᠷ ᠲᠣᢈᠢᠷᠠᠯᠴᠠᠪᠠ᠃ ᠡᢉᠦᠨ ᠳ᠋ᠦ:\n\nᠮᠣᠩᠭᠣᠯ ᠤᠯᠤᠰ ᠤ᠋ᠨ ᠬᠠᠤᠯᠢ ᠲᠣᠭᠲᠠᠭᠠᠮᠵᠢ ᠵᠥᠷᠢᠴᠡᢉᠰᠡᠨ ᠻᠣᠨ᠋ᠲ᠋ᠧᠨ᠋ᠲ ᠢ᠋ ᢈᠢᠵᠠᠭᠠᠷᠯᠠᠬᠤ ᠠᠷᠭᠠ ᢈᠡᠮᠵᠢᠶᠡ ᠠᠪᠬᠤ ᠵᠣᠷᠢᠯᠭᠠ ᠪᠠᠷ ᠵᠠᠰᠠᠭ ᠤ᠋ᠨ ᠭᠠᠵᠠᠷ ᠤ᠋ᠨ ᠰᠢᠭᠤᠷᠬᠠᠢ ᠬᠣᠯᠪᠤᠭᠠᠨ ᠤ᠋ ᠰᠤᠪᠠᠭ (Government escalation channel) ᠨᠡᢉᠡᢉᠡᠵᠦ᠂ ᠬᠠᠮᠲᠤᠷᠠᠨ ᠠᠵᠢᠯᠯᠠᠬᠤ; \nᠮᠣᠩᠭᠣᠯ ᠤᠯᠤᠰ ᠤ᠋ᠨ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ ᠶ᠋ᠢ ᠬᠠᠩᠭᠠᠭᠤᠯᠬᠤ ᢈᠦᠷᠢᠶᠡᠨ ᠳ᠋ᠦ ᠬᠠᠤᠯᠢ ᠰᠠᢈᠢᠭᠤᠯᠬᠤ ᠪᠠᠶᠢᠭᠤᠯᠤᠯᠭᠠ ᠨᠤᠭᠤᠳ ᠲᠠᠢ ᠬᠠᠮᠲᠤᠷᠠᠨ ᠠᠵᠢᠯᠯᠠᠬᠤ; \nᠴᠠᢈᠢᠮ ᠣᠷᠴᠢᠨ ᠳ᠋ᠠᢈᠢ ᢈᠡᠦᢈᠡᠳ ᠬᠠᠮᠠᠭᠠᠯᠠᠯ ᠤ᠋ᠨ ᠴᠢᢉᠯᠡᠯ ᠢ᠋ᠶᠡᠷ ᠬᠠᠮᠲᠤᠷᠠᠨ ᠠᠵᠢᠯᠯᠠᠬᠤ; \nYouTube Kids ᠦᠶᠢᠯᠡᠴᠢᠯᠡᢉᠡ ᠶ᠋ᠢ ᠮᠣᠩᠭᠣᠯ ᠤᠯᠤᠰ ᠤ᠋ᠨ ᠨᠤᠲᠤᠭ ᠳᠡᠪᠢᠰᢈᠡᠷ ᠲᠦ ᠨᠡᠪᠲᠡᠷᠡᢉᠦᠯᢈᠦ; \nGoogle Play Store ᠳᠡᢉᠡᠷᠡᢈᠢ ᠬᠣᠷᠢᠭᠯᠠᠭᠰᠠᠨ ᠠᠫᠫᠯᠢᠻᠧᠶᠢᠱᠢᠨ᠋ ᠳ᠋ᠤ ᠮᠣᠩᠭᠣᠯ ᠤᠯᠤᠰ ᠤ᠋ᠨ ᠨᠤᠲᠤᠭ ᠳᠡᠪᠢᠰᢈᠡᠷ ᠡᠴᠡ ᠬᠠᠨᠳᠤᠬᠤ ᠬᠠᠨᠳᠤᠯᠲᠠ ᠶ᠋ᠢ ᢈᠢᠵᠠᠭᠠᠷᠯᠠᠬᠤ ᠴᠢᢉᠯᠡᠯ ᠢ᠋ᠶᠡᠷ ᠬᠠᠮᠲᠤᠷᠠᠨ ᠠᠵᠢᠯᠯᠠᠬᠤ; \nᢈᠡᠦᢈᠡᠳ᠂ ᠡᠴᠢᢉᠡ ᠡᢈᠡ᠂ ᠪᠠᠭᠰᠢ ᠨᠠᠷ ᠤ᠋ᠨ ᠳ᠋ᠢᠵᠢᠲ᠋ᠠᠯ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠦᠨᠳᠦᠰᠦᠨ ᠦ᠋ ᠰᠠᠨᠠᠭᠠᠴᠢᠯᠭᠠ ᠶ᠋ᠢ ᠬᠠᠮᠲᠤᠷᠠᠨ ᢈᠡᠷᠡᢉᠵᠢᢉᠦᠯᢈᠦ; \nᠮᠣᠩᠭᠣᠯ ᠤᠯᠤᠰ ᠤ᠋ᠨ ᠨᠤᠲᠤᠭ ᠳᠡᠪᠢᠰᢈᠡᠷ ᠡᠴᠡ ᠦᠶᠢᠯᠡᠴᠢᠯᠡᢉᠡᠨ ᠳ᠋ᠦ ᠬᠠᠨᠳᠤᠵᠤ ᠪᠤᠢ ᢈᠡᠷᠡᢉᠯᠡᢉᠴᠢᠳ ᠦ᠋ᠨ ᠰᠲ᠋ᠠᠲ᠋ᠢᠰᠲ᠋ᠢᠻ ᠮᠡᠳᠡᢉᠡᠯᠡᠯ ᠢ᠋ ᠲᠣᠭᠲᠠᠮᠠᠯ ᠠᠪᠬᠤ ᠰᠠᠨᠠᠯ ᠤ᠋ᠳ ᠢ᠋ ᠲᠠᠯᠪᠢᠪᠠ᠃
ᠡᠨᠡ ᢈᠦ ᠠᠭᠤᠯᠵᠠᠯᠲᠠ ᠨᠢ ᠮᠣᠩᠭᠣᠯ ᠤᠯᠤᠰ ᠤ᠋ᠨ ᠴᠠᢈᠢᠮ ᠣᠷᠴᠢᠨ ᠤ᠋ ᠵᠣᢈᠢᠴᠠᠭᠤᠯᠤᠯᠲᠠ ᠶ᠋ᠢᠨ ᢈᠦᠷᠢᠶᠡᠨ ᠳ᠋ᠦ ᠣᠯᠠᠨ ᠤᠯᠤᠰ ᠤ᠋ᠨ ᠲᠣᠮᠤᠬᠠᠨ ᠲᠧᢈᠨᠣᠯᠣᢉᠢ ᠶ᠋ᠢᠨ ᠻᠣᠮᠫᠠᠨᠢ ᠲᠠᠢ ᠰᠢᠭᠤᠳ ᠬᠠᠷᠢᠯᠴᠠᠭᠠ ᠲᠣᠭᠲᠠᠭᠠᠵᠤ᠂ᠬᠠᠮᠲᠤ ᠶ᠋ᠢᠨ ᠠᠵᠢᠯᠯᠠᠭᠠᠨ ᠤ᠋ ᠪᠣᠳᠠᠲᠤ ᠠᠯᠬᠤᠮ ᠤ᠋ᠳ ᠢ᠋ ᠲᠣᢈᠢᠷᠠᠯᠴᠠᠭᠰᠠᠨ ᠴᠢᠬᠤᠯᠠ ᠠᠴᠢ ᠬᠣᠯᠪᠤᠭᠳᠠᠯᠲᠠᠢ ᠦᠶᠢᠯᠡ ᠶᠠᠪᠤᠳᠠᠯ ᠪᠣᠯᠤᠯᠠ᠃