ᠠᠵᠢᠯᠲᠠᠨ ᠨᠤᠭᠤᠳ ᠢ᠋ᠶᠠᠨ ᠮᠡᠷᢉᠡᠰᠢᢉᠦᠯᢈᠦ᠂ ᠴᠢᠳᠠᠪᠤᠷᠢᠵᠢᠭᠤᠯᠬᠤ ᠰᠠᠨᠠᠭᠠᠴᠢᠯᠭ᠎ᠠ ᠶ᠋ᠢᠨ ᢈᠦᠷᠢᠶᠡᠨ ᠳ᠋ᠦ GSMA᠆ᠲᠠᠢ ᠬᠠᠮᠲᠤᠷᠠᠨ ᠕G ᠪᠣᠯᠤᠨ ᠳᠠᠷᠠᠭ᠎ᠠ ᠦᠶ᠎ᠡ ᠶ᠋ᠢᠨ ᠰᠫᠧᠻᠲ᠋ᠷ ᠦ᠋ᠨ ᠰᠲ᠋ᠷᠠᠲ᠋ᠧᢉᠢ ᠰᠡᠳᠦᠪᠲᠦ ᠰᠤᠷᠭᠠᠯᠲᠠ ᠵᠣᢈᠢᠶᠠᠨ ᠪᠠᠶᠢᠭᠤᠯᠤᠯ᠎ᠠ

᠒᠐᠒᠖.᠐᠙.᠒᠕
ᠳᠡᠯᠡᢈᠡᠢ ᠶ᠋ᠢᠨ ᠴᠢᢉ ᠬᠠᠨᠳᠤᠯᠭ᠎ᠠ ᠲᠠᠢ ᢈᠥᠯ ᠨᠡᠶᠢᠯᠡᢉᠦᠯᠦᠨ ᠠᠯᠬᠤᠵᠤ᠂ ᠕G ᠪᠣᠯᠤᠨ ᠳᠠᠷᠠᠭ᠎ᠠ ᠦᠶ᠎ᠡ ᠶ᠋ᠢᠨ ᠳᠡᠪᠰᠢᠯᠲᠡᠲᠦ ᠲᠧᢈᠨᠣᠯᠣᢉᠢ ᠳ᠋ᠤ ᠰᠢᠯᠵᠢᢈᠦ ᠪᠡᠯᠡᠳᢈᠡᠯ ᠠᠵᠢᠯ ᠤ᠋ᠨ ᢈᠦᠷᠢᠶᠡᠨ ᠳ᠋ᠦ ᠡᠨᠡ ᢈᠦ ᠰᠤᠷᠭᠠᠯᠲᠠ ᠶ᠋ᠢ ᠵᠣᢈᠢᠶᠠᠨ ᠪᠠᠶᠢᠭᠤᠯᠵᠤ ᠪᠠᠶᠢᠭ᠎ᠠ ᠪᠥᢉᠡᠳ GSMA᠆ᠶ᠋ᠢᠨ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠳᠠᠪᠲᠠᠮᠵᠢ ᠶ᠋ᠢᠨ ᠪᠣᠳᠤᠯᠭ᠎ᠠ᠂ ᠵᠣᢈᠢᠴᠠᠭᠤᠯᠤᠯᠲᠠ ᠶ᠋ᠢᠨ ᠠᠰᠠᠭᠤᠳᠠᠯ ᠬᠠᠷᠢᠭᠤᠴᠠᠭᠰᠠᠨ ᠵᠠᢈᠢᠷᠤᠯ ᠶᠢᠱᠧᠨ᠋ ᠴᠢᠩ (Yishen Chan), ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᢈᠥᢉᠵᠢᠵᠦ ᠪᠤᠢ ᠵᠠᠬ᠎ᠠ ᠵᠡᢉᠡᠯᠢ ᠶ᠋ᠢᠨ ᠤᠯᠤᠰ ᠣᠷᠤᠨ ᠨᠤᠭᠤᠳ ᠢ᠋ ᠬᠠᠷᠢᠭᠤᠴᠠᠭᠰᠠᠨ ᠲᠥᠯᠦᢉᠡᠯᠡᢉᠴᠢ ᠰᠠᠶᠢᠷᠠ ᠹᠠᠶᠢᠰᠠᠯ (Saira Faisal) ᠨᠠᠷᠠ ᢈᠥ‍᠂ᠬᠠ‍᠂ᠵᠠ‍᠂ᠬᠠ‍᠆ᠤ᠋ ᠠᠵᠢᠯᠲᠠᠨ ᠨᠤᠭᠤᠳ ᠲᠤ ᠕G ᠪᠣᠯᠤᠨ ᠳᠠᠷᠠᠭ᠎ᠠ ᠦᠶ᠎ᠡ ᠶ᠋ᠢᠨ ᠲᠧᢈᠨᠣᠯᠣᢉᠢ ᠶ᠋ᠢᠨ ᠲᠠᠯᠠᠭᠠᠷ ᠰᠤᠷᠭᠠᠯᠲᠠ᠂ᠵᠢᠭᠠᠪᠤᠷᠢ ᠵᠥᠪᠯᠡᢉᠡ ᠥᢉᢉᠦᢉᠰᠡᠨ ᠶᠤᠮ᠃
ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭ᠎ᠠ ᠵᠠ‍᠂ᠪᠠᠲᠤ᠆ᠡᠷᠳᠡᠨᠢ: «GSMA (ᠣᠯᠠᠨ ᠤᠯᠤᠰ ᠤ᠋ᠨ ᠡᢉᠦᠷ ᠦ᠋ᠨ ᠬᠣᠯᠪᠤᠭᠠᠨ ᠤ᠋ ᠬᠣᠯᠪᠤᠭ᠎ᠠ)-ᠨ᠋ ᠤ᠋ ᠡᠻᠰᠫᠧᠷᠲ ᠦ᠋ᠳ ᠦ᠋ᠨ ᠡᠨᠡ ᢈᠦ ᠢᠯᠡᠳᢈᠡᠯ᠂ᠰᠤᠷᠭᠠᠯᠲᠠ ᠨᠢ ᠲᠠ ᠪᠦᢈᠦᠨ ᠦ᠋ ᠰᠢᠨ᠎ᠡ ᠲᠧᢈᠨᠣᠯᠣᢉᠢ᠂ ᠰᠢᠨ᠎ᠡ ᠤᠷ᠎ᠠ ᠴᠢᠳᠠᠪᠤᠷᠢ ᠳ᠋ᠤ ᠰᠤᠷᠤᠯᠴᠠᠬᠤ᠂ ᠮᠡᠳᠡᠯᢉᠡ᠂ ᠤᠷ᠎ᠠ ᠴᠢᠳᠠᠪᠤᠷᠢ ᠪᠠᠨ ᠲᠡᢉᠦᠯᠳᠡᠷᠵᠢᢉᠦᠯᢈᠦ ᠪᠣᠯᠤᠮᠵᠢ ᠶ᠋ᠢᠨ ᠡᢈᠢᠯᠡᠯ ᢉᠡᠵᠦ ᠬᠠᠷᠠᠵᠤ ᠪᠠᠶᠢᠨ᠎ᠠ» ᢈᠡᠮᠡᠨ ᠣᠨᠴᠠᠯᠠᠨ ᠲᠡᠮᠳᠡᢉᠯᠡᠯ᠎ᠡ᠃

ᠰᠤᠷᠭᠠᠯᠲᠠ ᠪᠠᠷ ᢈᠥᠳᠡᠯᢉᠡᢉᠡᠨᠲᠦ ᠬᠣᠯᠪᠤᠭᠠᠨ ᠤ᠋ ᠲᠧᢈᠨᠣᠯᠣᢉᠢ ᠶ᠋ᠢᠨ ᢈᠥᢉᠵᠢᠯ ᠦ᠋ᠨ ᠴᠢᢉ ᠬᠠᠨᠳᠤᠯᠭ᠎ᠠ᠂ᠷᠠᠳᠢᠣ᠋ ᠳᠠᠪᠲᠠᠮᠵᠢ ᠶ᠋ᠢᠨ ᠰᠫᠧᠻᠲ᠋ᠷ ᠦ᠋ᠨ ᠨᠥᢉᠡᠴᠡ ᠶ᠋ᠢ ᠦᠨᠳᠦᠰᠦᠨ ᠦ᠋ ᠪᠣᠯᠤᠨ ᠣᠯᠠᠨ ᠤᠯᠤᠰ ᠤ᠋ᠨ ᠲᠦᠪᠰᠢᠨ ᠳ᠋ᠦ ᠲᠥᠯᠦᠪᠯᠡᢈᠦ᠂ᠦᠷ᠎ᠡ ᠳ᠋ᠦᠩᠲᠡᠢ ᠠᠰᠢᠭᠯᠠᠬᠤ᠂ ᠵᠣᢈᠢᠴᠠᠭᠤᠯᠬᠤ ᠣᠷᠴᠢᠨ ᠦᠶ᠎ᠡ ᠶ᠋ᠢᠨ ᠠᠷᠭ᠎ᠠ ᠪᠠᠷᠢᠯ ᠢ᠋ ᠡᠵᠡᠮᠰᠢᢈᠦ ᠴᠢᢉᠯᠡᠯ ᠢ᠋ᠶᠡᠷ ᠢᠨ᠋ᠵᠧᠨᠧᠷ᠂ᠮᠡᠷᢉᠡᠵᠢᠯᠲᠡᠨ ᠨᠦ᠋ᢉᠦᠳ ᠢ᠋ᠶᠡᠨ ᠨᠠᠷᠢᠪᠴᠢᠯᠠᠨ ᠴᠢᠳᠠᠪᠤᠷᠢᠵᠢᠭᠤᠯᠵᠤ᠂ ᠷᠠᠳᠢᠣ᠋ ᠳᠠᠪᠲᠠᠮᠵᠢ ᠶ᠋ᠢᠨ ᠰᠫᠧᠻᠲ᠋ᠷ ᠦ᠋ᠨ ᠲᠤᠰᠬᠠᠢ ᠵᠥᠪᠰᠢᠶᠡᠷᠡᠯ ᠣᠯᠭᠤᠯᠲᠠ᠂ᠦᠨ᠎ᠡ ᠲᠣᠭᠲᠠᠭᠠᠬᠤ ᠠᠷᠭᠠᠴᠢᠯᠠᠯ᠂ ᠪᠣᠳᠤᠯᠭ᠎ᠠ᠂ ᠵᠣᢈᠢᠴᠠᠭᠤᠯᠤᠯᠲᠠ ᠶ᠋ᠢᠨ ᠴᠢᢉᠯᠡᠯ ᠢ᠋ᠶᠡᠷ ᢈᠢ ᠣᠯᠠᠨ ᠤᠯᠤᠰ ᠤ᠋ᠨ ᠰᠢᠯᠢᠳᠡᢉ ᠲᠤᠷᠰᠢᠯᠭ᠎ᠠ ᠨᠤᠭᠤᠳ ᠢ᠋ ᠲᠠᠨᠢᠯᠴᠠᠭᠤᠯᠵᠤ᠂ᠲᠡᠳᠡᢉᠡᠷ ᠢ᠋ ᠮᠣᠩᠭᠣᠯ ᠤᠯᠤᠰ ᠤ᠋ᠨ ᠤᠷᠲᠤ ᠬᠤᠭᠤᠴᠠᠭᠠᠨ ᠤ᠋ ᠰᠫᠧᠻᠲ᠋ᠷ ᠦ᠋ᠨ ᠪᠣᠳᠤᠯᠭ᠎ᠠ᠂ ᠲᠥᠯᠦᠪᠯᠡᠯᠲᠡ ᠳ᠋ᠦ ᠲᠤᠰᠬᠠᠬᠤ ᠪᠣᠯᠤᠮᠵᠢ᠂ ᠭᠠᠷᠴᠠ ᠰᠢᠢᠳᠦᠯ ᠦ᠋ᠨ ᠲᠠᠯᠠᠭᠠᠷ ᢈᠡᠯᠡᠯᠴᠡᢉᠦᠯᢉᠡ ᠥᠷᠨᠢᢉᠦᠯᠦᢉᠰᠡᠨ ᠶᠤᠮ᠃