ᠡᠨᠡ ᢈᠦ ᠰᠤᠷᠭᠠᠯᠲᠠ ᠨᠢ “ᢈᠡᠦᢈᠡᠳ ᠦ᠋ᠨ ᠲᠥᠯᠦᢉᠡ᠆ᠵᠠ ᠪᠣᠯ ᠵᠠᠪᠠᠯ ᢈᠢᠶᠡ” ᠦᠨᠳᠦᠰᠦᠨ ᠦ᠋ ᢈᠥᠳᠡᠯᢉᠡᢉᠡᠨ ᠦ᠋ ᢈᠦᠷᠢᠶᠡᠨ ᠳ᠋ᠦ ᠴᠠᢈᠢᠮ ᠣᠷᠴᠢᠨ ᠤ᠋ ᠡᠷᠦᠰᠳᠡᠯ ᠡᠴᠡ ᠤᠷᠢᠳᠴᠢᠯᠠᠨ ᠰᠡᠷᢉᠡᠶᠢᠯᠡᢈᠦ᠂ᢈᠡᠦᢈᠡᠳ ᠦ᠋ᠨ ᠠᠶᠤᠯ ᠦᢉᠡᠢ ᠪᠠᠶᠢᠳᠠᠯ ᠢ᠋ ᠬᠠᠩᠭᠠᠬᠤ᠂ ᠬᠠᠮᠠᠭᠠᠯᠠᠬᠤ ᠦᠶᠢᠯᠡᠰ ᠲᠦ ᢈᠡᠦᢈᠡᠳ᠂ᠡᠴᠢᢉᠡ ᠡᢈᠡ᠂ ᠠᠰᠠᠷᠠᠨ ᠬᠠᠮᠠᠭᠠᠯᠠᠭᠴᠢ᠂ ᠪᠠᠭᠰᠢ᠂ ᠰᠤᠷᠭᠠᠨ ᢈᠦᠮᠦᠵᠢᢉᠦᠯᠦᢉᠴᠢᠳ ᠦ᠋ᠨ ᠤᠷᠠ ᠴᠢᠳᠠᠪᠤᠷᠢ᠂ ᠣᠯᠠᠨ ᠨᠡᠶᠢᠲᠡ ᠶ᠋ᠢᠨ ᠣᠷᠤᠯᠴᠠᠭᠠ ᠶ᠋ᠢ ᠨᠡᠮᠡᢉᠳᠡᢉᠦᠯᢈᠦ ᠴᠢᢉᠯᠡᠯ ᠢ᠋ᠶᠡᠷ ᢈᠡᠷᠡᢉᠵᠢᢉᠦᠯᠵᠦ ᠪᠤᠢ ᠪᠣᠳᠠᠲᠤ ᠦᠶᠢᠯᠡ ᠠᠵᠢᠯᠯᠠᠭᠠᠨ ᠤ᠋ ᠨᠢᢉᠡ ᢈᠡᠰᠡᢉ ᠶᠤᠮ᠃
ᠰᠤᠷᠭᠠᠯᠲᠠ ᠶ᠋ᠢ ᠒᠐᠒᠖ ᠣᠨ ᠤ᠋ ᠐᠙ ᠳ᠋ᠦ᠋ᢉᠡᠷ ᠰᠠᠷᠠ ᠶ᠋ᠢᠨ ᠑᠖᠆ᠠ᠋ᠴᠠ ᠑᠘᠆ᠤ᠋ ᠡᠳᠦᠷ ᠦ᠋ᠳ ᠲᠦ ᠵᠣᢈᠢᠶᠠᠨ ᠪᠠᠶᠢᠭᠤᠯᠤᠭᠰᠠᠨ ᠪᠥᢉᠡᠳ ᠰᠤᠷᠭᠠᠯᠲᠠ ᠳ᠋ᠤ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠗᠕ ᠰᠤᠷᠭᠠᠭᠤᠯᠢ ᠶ᠋ᠢᠨ ᠨᠡᠶᠢᢉᠡᠮ ᠦ᠋ᠨ ᠠᠵᠢᠯᠲᠠᠨ᠂ᠰᠡᠳᢈᠢᠯ ᠵᠦᠶᠢᠴᠢ᠂ ᠮᠥᠨ ᠒᠑ ᠠᠶᠢᠮᠠᠭ᠂ ᠙ ᠳᠡᢉᠦᠷᢉᠡ ᠶ᠋ᠢᠨ ᠪᠣᠯᠪᠠᠰᠤᠷᠠᠯ ᠤ᠋ᠨ ᢈᠡᠯᠲᠡᠰ ᠪᠣᠯᠤᠨ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᢈᠡᠯᠲᠡᠰ ᠦ᠋ᠨ ᠲᠥᠯᠦᢉᠡᠯᠡᠯ ᠬᠠᠮᠤᠷᠤᠭᠳᠠᠵᠤ ᠒᠑᠐ ᠰᠤᠷᠭᠠᠭᠴᠢ ᠪᠠᠭᠰᠢ ᠶ᠋ᠢᠨ ᠪᠠᠲᠤᠯᠠᠮᠵᠢ ᠪᠠᠨ ᠭᠠᠷᠳᠠᠨ ᠠᠪᠤᠯᠠ᠃
ᠡᠨᠡ ᢈᠦ ᠰᠤᠷᠭᠠᠯᠲᠠ ᠪᠠᠷ “ᠴᠠᢈᠢᠮ ᠣᠷᠴᠢᠨ ᠳ᠋ᠤ ᢈᠡᠦᢈᠡᠳ ᠢ᠋ᠶᠡᠨ ᠬᠠᠮᠠᠭᠠᠯᠠᠶᠠ” ᠰᠤᠷᠭᠠᠯᠲᠠ ᠶ᠋ᠢᠨ ᠪᠠᠭᠴᠠ ᠮᠣᠳᠦ᠋ᠯᠢ ᠶ᠋ᠢ ᢈᠡᠦᢈᠡᠳ᠂ᠡᠴᠢᢉᠡ ᠡᢈᠡ᠂ ᠠᠰᠠᠷᠠᠨ ᠬᠠᠮᠠᠭᠠᠯᠠᠭᠴᠢ᠂ ᠪᠠᠭᠰᠢ ᠪᠣᠯᠤᠨ ᠰᠤᠷᠭᠠᠯᠲᠠ ᠶ᠋ᠢᠨ ᠪᠠᠶᠢᠭᠤᠯᠤᠯᠭᠠ ᠶ᠋ᠢᠨ ᠠᠵᠢᠯᠲᠠᠨ ᠨᠤᠭᠤᠳ ᠲᠤ ᠵᠢᠭᠠᠬᠤ ᠠᠷᠭᠠ ᠵᠦᠢ᠂ᠫᠷᠠᠻᠲ᠋ᠢᠻ ᠤᠷᠠ ᠴᠢᠳᠠᠪᠤᠷᠢ ᠶ᠋ᠢ ᠡᠵᠡᠮᠰᠢᢉᠦᠯᠦᢉᠰᠡᠨ ᠪᠥᢉᠡᠳ ᠰᠤᠷᠭᠠᠯᠲᠠ ᠶ᠋ᠢᠨ ᠮᠣᠳᠦ᠋ᠯᠢ ᠨᠢ ᢈᠡᠦᢈᠡᠳ ᠦ᠋ᠨ ᠨᠠᠰᠤ᠂ᢈᠥᢉᠵᠢᠯ ᠦ᠋ᠨ ᠣᠨᠴᠠᠯᠢᠭ ᠲᠤ ᠨᠡᠶᠢᠴᠡᢉᠦᠯᠦᠨ ᠪᠣᠯᠪᠠᠰᠤᠷᠠᠭᠤᠯᠤᠭᠰᠠᠨ ᠨᠡᠶᠢᠲᠡ ᠕ ᠮᠣᠳᠦ᠋ᠯᠢ ᢈᠢᠴᠢᠶᠡᠯ ᠡᠴᠡ ᠪᠦᠷᠢᠳᠦᢉᠰᠡᠨ ᠪᠥᢉᠡᠳ\n\n᠖–᠑᠐ ᠨᠠᠰᠤᠨ ᠤ᠋ ᢈᠡᠦᢈᠡᠳ – ᠓ ᢈᠢᠴᠢᠶᠡᠯ;\n᠑᠑–᠑᠔ ᠨᠠᠰᠤᠨ ᠤ᠋ ᢈᠡᠦᢈᠡᠳ – ᠕ ᢈᠢᠴᠢᠶᠡᠯ;\n᠑᠕–᠑᠘ ᠨᠠᠰᠤᠨ ᠤ᠋ ᢈᠡᠦᢈᠡᠳ – ᠕ ᢈᠢᠴᠢᠶᠡᠯ;\nᠡᠴᠢᢉᠡ ᠡᢈᠡ᠂ᠠᠰᠠᠷᠠᠨ ᠬᠠᠮᠠᠭᠠᠯᠠᠭᠴᠢ – ᠕ ᢈᠢᠴᠢᠶᠡᠯ;\nᠪᠠᠭᠰᠢ᠂ ᠰᠤᠷᠭᠠᠯᠲᠠ ᠶ᠋ᠢᠨ ᠪᠠᠶᠢᠭᠤᠯᠤᠯᠭᠠ ᠶ᠋ᠢᠨ ᠠᠵᠢᠯᠲᠠᠨ – ᠕ ᢈᠢᠴᠢᠶᠡᠯ

ᢈᠢᠴᠢᠶᠡᠯ ᠪᠦᠷᠢ ᠰᠤᠷᠭᠠᠭᠴᠢ ᠪᠠᠭᠰᠢ ᠶ᠋ᠢᠨ ᠭᠠᠷ ᠤ᠋ᠨ ᠠᠪᠤᠯᠭᠠ᠂ ᠰᠤᠷᠭᠠᠯᠲᠠ ᠶ᠋ᠢᠨ ᠲᠠᠨᠢᠯᠴᠠᠭᠤᠯᠭᠠ᠂ᠮᠡᠳᠡᠯᢉᠡ ᠶ᠋ᠢ ᠪᠠᠲᠤᠳᠬᠠᠬᠤ ᠸᠢᠳᠧᠣ᠋ ᢈᠢᠴᠢᠶᠡᠯ ᠲᠡᠢ ᠪᠥᢉᠡᠳ ᠴᠠᠭᠠᠰᠢᠳᠠ ᠤᠭ ᠮᠣᠳᠦ᠋ᠯᠢ ᠶ᠋ᠢ ᠠᠰᠢᠭᠯᠠᠨ ᠒᠑ ᠠᠶᠢᠮᠠᠭ᠂ᠨᠡᠶᠢᠰᠯᠡᠯ ᠦ᠋ᠨ ᠙ ᠳᠡᢉᠦᠷᢉᠡ ᠶ᠋ᠢᠨ ᠰᠤᠷᠭᠠᠭᠤᠯᠢ ᠪᠣᠯᠤᠨ ᠵᠢ᠂ᠳᠤ᠂ᠲᠡ᠂ᠭᠠ᠆ᠤ᠋ᠨ ᠪᠣᠯᠪᠠᠰᠤᠷᠠᠯ ᠤ᠋ᠨ ᢈᠡᠯᠲᠡᠰ᠂ ᠲᠥᠷᠦ ᠶ᠋ᠢᠨ ᠴᠠᢈᠢᠮ ᠦᠶᠢᠯᠡᠴᠢᠯᠡᢉᠡᠨ ᠦ᠋ ᠵᠣᢈᠢᠴᠠᠭᠤᠯᠤᠯᠲᠠ ᠶ᠋ᠢᠨ ᢈᠡᠯᠲᠡᠰ ᠢ᠋ᠶᠡᠷ ᠳᠠᠮᠵᠢᠭᠤᠯᠤᠨ ᠤᠯᠤᠰ ᠣᠷᠤᠨ ᠳᠠᠶᠠᠭᠠᠷ ᠰᠤᠷᠭᠠᠯᠲᠠ ᠵᠣᢈᠢᠶᠠᠨ ᠪᠠᠶᠢᠭᠤᠯᠬᠤ ᠣᠨᠴᠠᠯᠢᠭ ᠶᠤᠮ᠃
ᠡᠨᠡ ᢈᠦ ᠰᠤᠷᠭᠠᠯᠲᠠ ᠶ᠋ᠢᠨ ᠦᠶᠡ ᠪᠡᠷ ᠣᠷᠤᠯᠴᠠᠭᠴᠢᠳ ᠴᠠᢈᠢᠮ ᠣᠷᠴᠢᠨ ᠳ᠋ᠤ ᢈᠡᠦᢈᠡᠳ ᠡᠷᠦᠰᠳᠡᠯ ᠳ᠋ᠦ ᠥᠷᠲᠦᢈᠦ ᠡᠴᠡ ᠤᠷᠢᠳᠴᠢᠯᠠᠨ ᠰᠡᠷᢉᠡᠶᠢᠯᠡᢈᠦ᠂ᠡᠷᠦᠰᠳᠡᠯ ᠢ᠋ ᠲᠠᠨᠢᠵᠤ ᠢᠯᠡᠷᠡᢉᠦᠯᢈᠦ᠂ ᠨᠥᢈᠦᠴᠡᠯ ᠪᠠᠶᠢᠳᠠᠯ ᠢ᠋ ᠦᠨᠡᠯᠡᢈᠦ᠂ ᢈᠡᠦᢈᠡᠳ ᠲᠡᠢ ᠵᠥᠪ ᠬᠠᠷᠢᠯᠴᠠᠬᠤ᠂ᠱᠠᠭᠠᠷᠳᠠᠯᠭᠠᠲᠠᠢ ᠬᠠᠷᠢᠭᠤ ᠠᠷᠭᠠ ᢈᠡᠮᠵᠢᠶᠡ ᠠᠪᠬᠤ ᠲᠠᠯᠠᠭᠠᠷ ᠰᠡᠳᠦᠪ ᠢ᠋ᠶᠡᠷ ᠪᠣᠳᠠᠲᠤ ᠨᠥᢈᠦᠴᠡᠯ ᠪᠠᠶᠢᠳᠠᠯ ᠳ᠋ᠤ ᠰᠠᠭᠤᠷᠢᠯᠠᠭᠰᠠᠨ ᠻᠧᠶᠢᠰ᠂ ᠫᠷᠠᠻᠲ᠋ᠢᠻ ᠳᠠᠳᠤᠯᠭᠠ᠂ ᠪᠠᠭ ᠤ᠋ᠨ ᠰᠧᠮᠢᠨᠠᠷ ᠠᠵᠢᠯᠯᠠᠯᠠ᠃ ᠢᠩᢉᠢᢉᠰᠡᠨ ᠢ᠋ᠶᠡᠷ ᠰᠤᠷᠭᠠᠭᠴᠢ ᠪᠠᠭᠰᠢ ᠨᠠᠷ ᠣᠨᠤᠯ ᠤ᠋ᠨ ᠮᠡᠳᠡᠯᢉᠡ ᠡᠵᠡᠮᠰᠢᢈᠦ ᠡᠴᠡ ᠭᠠᠳᠠᠨᠠ ᠴᠠᢈᠢᠮ ᠣᠷᠴᠢᠨ ᠤ᠋ ᠡᠷᠦᠰᠳᠡᠯ ᠢ᠋ ᠲᠠᠨᠢᠬᠤ᠂ᠤᠷᠢᠳᠴᠢᠯᠠᠨ ᠰᠡᠷᢉᠡᠶᠢᠯᠡᢈᠦ᠂ ᠡᠷᠦᠰᠳᠡᠯ ᠡᢉᠦᠰᠦᢉᠰᠡᠨ ᠦᠶᠡ ᠳ᠋ᠦ ᢈᠡᠦᢈᠡᠳ ᠢ᠋ ᠳᠡᠮᠵᠢᢈᠦ᠂ ᠬᠠᠮᠠᠭᠠᠯᠠᠬᠤ ᠪᠣᠯᠤᠨ ᠬᠣᠯᠪᠤᠭᠳᠠᠬᠤ ᠲᠠᠯᠠ ᠨᠤᠭᠤᠳ ᠲᠠᠢ ᠬᠠᠮᠲᠤᠷᠠᠨ ᠠᠵᠢᠯᠯᠠᠬᠤ ᠫᠷᠠᠻᠲ᠋ᠢᠻ ᠤᠷᠠ ᠴᠢᠳᠠᠪᠤᠷᠢ ᠪᠠᠨ ᠪᠠᠲᠤᠳᠬᠠᠭᠰᠠᠨ ᠶᠤᠮ᠃
