ᠠᠭᠤᠯᠵᠠᠯᠲᠠ ᠳ᠋ᠤ ᠦᠨᠳᠦᠰᠦᠨ ᠦ᠋ ᠠᠶᠤᠯ ᠦᢉᠡᠢ ᠪᠠᠶᠢᠳᠠᠯ ᠤ᠋ᠨ ᠵᠥᠪᠯᠡᠯ᠂ ᢈᠦᠮᠦᠨ ᠦ᠋ ᠡᠷᢈᠡ ᠶ᠋ᠢᠨ ᠦᠨᠳᠦᠰᠦᠨ ᠦ᠋ ᠻᠣᠮᠢᠰᠰ᠂ᠴᠠᠭᠳᠠᠭᠠ ᠶ᠋ᠢᠨ ᠶᠡᠷᠦᠩᢈᠡᠢ ᠭᠠᠵᠠᠷ ᠵᠡᠷᢉᠡ ᠻᠢᠪᠧᠷ ᠠᠶᠤᠯ ᠦᢉᠡᠢ ᠪᠠᠶᠢᠳᠠᠯ᠂ᢈᠡᠦᢈᠡᠳ ᠬᠠᠮᠠᠭᠠᠯᠠᠯ᠂ ᠬᠠᠤᠯᠢ ᢈᠢᠨᠠᠯᠲᠠ ᠶ᠋ᠢᠨ ᠴᠢᢉᠯᠡᠯ ᠦ᠋ᠨ ᠒᠔ ᠪᠠᠶᠢᠭᠤᠯᠤᠯᠭᠠ ᠶ᠋ᠢᠨ ᠘᠐ ᠭᠠᠷᠤᠢ ᠤᠳᠤᠷᠢᠳᠬᠤ ᠠᠯᠪᠠᠨ ᠲᠤᠰᠢᠶᠠᠯᠲᠠᠨ ᠣᠷᠤᠯᠴᠠᠵᠤ᠂ᠬᠠᠮᠲᠤ ᠶ᠋ᠢᠨ ᠠᠵᠢᠯᠯᠠᠭᠠ ᠶ᠋ᠢ ᠰᠠᠶᠢᠵᠢᠷᠠᠭᠤᠯᠬᠤ᠂ ᠨᠡᠶᠢᢉᠡᠮ ᠦ᠋ᠨ ᠰᠦᠯᠵᠢᠶᠡᠨ ᠦ᠋ ᠫᠯᠠᠲ᠋ᠹᠣᠷᠮ ᠤ᠋ᠳ ᠤ᠋ᠨ ᠬᠠᠷᠢᠭᠤᠴᠠᠯᠭᠠ ᠶ᠋ᠢ ᠨᠡᠮᠡᢉᠳᠡᢉᠦᠯᢈᠦ ᠠᠰᠠᠭᠤᠳᠠᠯ ᠢ᠋ ᢈᠡᠯᠡᠯᠴᠡᠪᠡ᠃ ᠴᠠᢈᠢᠮ ᠣᠷᠴᠢᠨ ᠤ᠋ ᠥᠨᠦ ᠶ᠋ᠢᠨ ᠨᠥᢈᠦᠴᠡᠯ ᠪᠠᠶᠢᠳᠠᠯ ᠪᠠ ᠲᠤᠯᠭᠠᠮᠳᠠᠭᠰᠠᠨ ᠠᠰᠠᠭᠤᠳᠠᠯ: ᠮᠣᠩᠭᠣᠯ ᠤᠯᠤᠰ ᠲᠤ ᠢᠨ᠋ᠲ᠋ᠧᠷᠨᠧᠲ ᢈᠡᠷᠡᢉᠯᠡᢉᠴᠢᠳ ᠦ᠋ᠨ ᠲᠣᠭᠠ ᠲᠠᠰᠤᠷᠠᠯᠲᠠ ᠦᢉᠡᠢ ᠥᠰᠴᠦ᠂ᠢᠯᠠᠩᠭᠤᠶᠠ «ᠮᠧᠲ᠋ᠠ» ᠻᠣᠮᠫᠠᠨᠢ ᠶ᠋ᠢᠨ Facebook ᠫᠯᠠᠲ᠋ᠹᠣᠷᠮ ᠨᠡᠶᠢᢉᠡᠮ ᠦ᠋ᠨ ᠬᠠᠷᠢᠯᠴᠠᠭᠠᠨ ᠤ᠋ ᠭᠣᠣᠯ ᠰᠤᠪᠠᠭ ᠪᠣᠯᠤᠭᠰᠠᠨ ᠪᠠᠶᠢᠨᠠ᠃ ᠡᢉᠦᠨ ᠢ᠋ ᠳᠠᠭᠠᠭᠠᠳ ᠳᠠᠷᠠᠭᠠᢈᠢ ᠰᠥᠷᢉᠦ ᠦᠷᠡ ᠳᠠᠭᠠᠪᠤᠷᠢ ᠨᠤᠭᠤᠳ ᠨᠡᠮᠡᢉᠳᠡᠵᠦ ᠪᠠᠶᠢᠭᠠ ᠶ᠋ᠢ ᠲᠠᠯᠠ ᠨᠤᠭᠤᠳ ᠣᠨᠴᠠᠯᠠᠭᠰᠠᠨ᠃ ᠡᢉᠦᠨ ᠳ᠋ᠦ:\n\nᢈᠡᠦᢈᠡᠳ ᠦ᠋ᠨ ᠡᠷᢈᠡ ᠶ᠋ᠢ ᠵᠥᠷᠢᠴᠡᢉᠰᠡᠨ ᠻᠣᠨ᠋ᠲ᠋ᠧᠨ᠋ᠲ ᠤ᠋ᠨ ᠲᠠᠷᠬᠠᠯᠲᠠ;\nᠴᠠᢈᠢᠮ ᠵᠠᠯᠢᠯᠠᠨ ᠪᠣᠯᠤᠨ ᠻᠢᠪᠧᠷ ᢉᠡᠮᠲᠦ ᢈᠡᠷᠡᢉ ᠦ᠋ᠨ ᠥᠰᠦᠯᠲᠡ;\nᠬᠤᠳᠠᠯ ᠮᠡᠳᠡᢉᠡᠯᠡᠯ (fake news) ᠪᠣᠯᠤᠨ ᠪᠤᠰᠤᠳ ᠤ᠋ᠨ ᠨᠡᠷᠡ ᠲᠥᠷᠦ ᠳ᠋ᠦ ᠬᠠᠯᠳᠠᠬᠤ ᠶᠠᠪᠤᠳᠠᠯ᠃ ᢈᠡᠯᠡᠯᠴᠡᢉᠦᠯᢉᠡ ᠶ᠋ᠢᠨ ᠭᠣᠣᠯ ᠦᠷᠡ ᠳ᠋ᠦᠩ ᠦ᠋ᠳ:\n\nᠬᠠᠤᠯᠢ ᠡᠷᢈᠡ ᠵᠦᠢ ᠶ᠋ᠢᠨ ᠰᠢᠨᠡᠴᠢᠯᠡᠯ: ᠴᠠᢈᠢᠮ ᢈᠥᢉᠵᠢᠯ᠂ ᠢᠨ᠋᠊ᠨᠣᠸᠠᠼ᠂ ᠬᠠᠷᠢᠯᠴᠠᠭᠠ ᠬᠣᠯᠪᠤᠭᠠᠨ ᠤ᠋ ᠶᠠᠮᠤ᠂ ᠪᠣᠯᠪᠠᠰᠤᠷᠠᠯ ᠤ᠋ᠨ ᠶᠠᠮᠤ ᠬᠠᠮᠲᠤᠷᠠᠨ ᠪᠣᠯᠪᠠᠰᠤᠷᠠᠭᠤᠯᠵᠤ ᠪᠤᠢ ᠨᠡᠶᠢᢉᠡᠮ ᠦ᠋ᠨ ᠰᠦᠯᠵᠢᠶᠡᠨ ᠳ᠋ᠦ ᢈᠡᠦᢈᠡᠳ ᠦ᠋ᠨ ᠣᠷᠤᠯᠴᠠᠭᠠ ᠶ᠋ᠢ ᠵᠣᢈᠢᠴᠠᠭᠤᠯᠬᠤ ᠬᠠᠤᠯᠢ ᠶ᠋ᠢᠨ ᠲᠥᠰᠦᠯ ᠢ᠋ ᠲᠠᠨᠢᠯᠴᠠᠭᠤᠯᠵᠤ᠂ᠴᠠᢈᠢᠮ ᠣᠷᠴᠢᠨ ᠤ᠋ ᠡᠷᢈᠡ ᠵᠦᠢ ᠶ᠋ᠢᠨ ᠣᠷᠴᠢᠨ ᠢ᠋ ᠣᠯᠠᠨ ᠤᠯᠤᠰ ᠤ᠋ᠨ ᠵᠢᠱᠢᢉ ᠲᠦ (ᠶᠡᢈᠡ ᠪᠷᠢᠲ᠋ᠠᠨ᠋᠂ ᠪᠦ᠂ᠨᠠ᠂ᠰᠣ᠂ᠶᠠᠫᠣᠨ᠋᠂ ᠮᠠᠯᠠᠶᠢᠽ᠂ ᠻᠠᠽᠠᠬᠰᠲ᠋ᠠᠨ᠋᠂ ᠢᠨ᠋ᠳᠣᠨᠧᠽ ᢉᠡᢈᠦ ᠮᠡᠲᠦ) ᠨᠡᠶᠢᠴᠡᢉᠦᠯᠦᠨ ᠰᠢᠨᠡᠴᠢᠯᠡᢈᠦ ᠱᠠᠭᠠᠷᠳᠠᠯᠭᠠᠲᠠᠢ ᠶ᠋ᠢ ᢈᠡᠯᠡᠯᠴᠡᠪᠡ᠃ ᠰᠲ᠋ᠠᠲ᠋ᠢᠰᠲ᠋ᠢᠻ ᠪᠠ ᠪᠡᠷᢈᠡᠰᠢᠶᠡᠯ: ᠴᠠᠭᠳᠠᠭᠠ ᠶ᠋ᠢᠨ ᠶᠡᠷᠦᠩᢈᠡᠢ ᠭᠠᠵᠠᠷ᠂ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠴᠠᢈᠢᠮ ᠣᠷᠴᠢᠨ ᠳ᠋ᠤ ᠦᠶᠢᠯᠡᠳᠦᢉᠳᠡᠵᠦ ᠪᠤᠢ ᢉᠡᠮᠲᠦ ᢈᠡᠷᠡᢉ ᠦ᠋ᠨ ᠰᠲ᠋ᠠᠲ᠋ᠢᠰᠲ᠋ᠢᠻ ᠢ᠋ ᠲᠠᠨᠢᠯᠴᠠᠭᠤᠯᠵᠤ᠂ᠭᠠᠳᠠᠭᠠᠳᠤ ᠶ᠋ᠢᠨ ᠫᠯᠠᠲ᠋ᠹᠣᠷᠮ ᠡᠵᠡᠮᠰᠢᢉᠴᠢ ᠻᠣᠮᠫᠠᠨᠢ ᠨᠤᠭᠤᠳ ᠲᠠᠢ ᠮᠡᠳᠡᢉᠡᠯᠡᠯ ᠰᠣᠯᠢᠯᠴᠠᠬᠤ ᠳ᠋ᠤ ᠲᠤᠯᠭᠠᠷᠠᠵᠤ ᠪᠤᠢ ᢈᠦᠨᠳᠦᠷᠡᠯ ᠦ᠋ᠳ ᠢ᠋ ᠣᠨᠴᠠᠯᠠᠯᠠ᠃ ᠬᠠᠮᠲᠤ ᠶ᠋ᠢᠨ ᠠᠵᠢᠯᠯᠠᠭᠠᠨ ᠤ᠋ ᠮᠧᠬᠠᠨᠢᠰᠮ: ᠴᠠᢈᠢᠮ ᠣᠷᠴᠢᠨ ᠤ᠋ ᠵᠣᢈᠢᠴᠠᠭᠤᠯᠤᠯᠲᠠ ᠨᠢ ᠵᠥᠪᢈᠡᠨ ᠨᠢᢉᠡ ᠪᠠᠶᠢᠭᠤᠯᠤᠯᠭᠠ ᠶ᠋ᠢᠨ ᠠᠵᠢᠯ ᠪᠢᠰᠢ ᠲᠤᠯᠠ ᠲᠥᠷᠦ ᠶ᠋ᠢᠨ ᠪᠠᠶᠢᠭᠤᠯᠤᠯᠭᠠ ᠨᠤᠭᠤᠳ ᠤ᠋ᠨ ᠬᠠᠮᠲᠤ ᠶ᠋ᠢᠨ ᠠᠵᠢᠯᠯᠠᠭᠠᠨ ᠤ᠋ ᠮᠧᠬᠠᠨᠢᠰᠮ ᠢ᠋ ᠪᠦᠷᠢᠳᠦᢉᠦᠯᢈᠦ ᠪᠡᠷ ᠲᠣᠭᠲᠠᠪᠠ᠃ ᠴᠠᠭᠠᠰᠢᠳᠠ ᢈᠡᠷᠡᢉᠵᠢᢉᠦᠯᢈᠦ ᠠᠷᠭᠠ ᢈᠡᠮᠵᠢᠶᠡ: ᢈᠡᠯᠡᠯᠴᠡᢉᠦᠯᢉᠡ ᠶ᠋ᠢᠨ ᠲᠡᢉᠦᠰᢈᠡᠯ ᠳ᠋ᠦ ᠣᠷᠤᠯᠴᠠᠭᠴᠢᠳ ᠳᠡᠯᠡᢈᠡᠢ ᠶ᠋ᠢᠨ ᠲᠣᠮᠤᠬᠠᠨ ᠲᠧᢈᠨᠣᠯᠣᢉᠢ ᠶ᠋ᠢᠨ ᠻᠣᠮᠫᠠᠨᠢ ᠨᠤᠭᠤᠳ ᠲᠠᠢ (Meta, Google, TikTok ᠭ᠂ᠮ) ᠰᠢᠭᠤᠳ ᠬᠠᠷᠢᠯᠴᠠᠭᠠ ᠲᠣᠭᠲᠠᠭᠠᠬᠤ᠂ ᠮᠣᠩᠭᠣᠯ ᠤᠯᠤᠰ ᠲᠤ ᠲᠡᠳᠡᢉᠡᠷ ᠦ᠋ᠨ ᠰᠠᠭᠤᠷᠢᠨ ᠲᠥᠯᠦᢉᠡᠯᠡᢉᠴᠢ ᠶ᠋ᠢ ᠠᠵᠢᠯᠯᠠᠭᠤᠯᠬᠤ ᠡᠷᢈᠡ ᠵᠦᠢ ᠶ᠋ᠢᠨ ᠪᠣᠯᠤᠮᠵᠢ ᠶ᠋ᠢ ᠪᠦᠷᠢᠳᠦᢉᠦᠯᢈᠦ᠂ᠰᠠᠯᠪᠤᠷᠢ ᠬᠣᠭᠤᠷᠤᠨᠳᠤ ᠶ᠋ᠢᠨ ᠤᠶᠠᠯᠳᠤᠭᠠ ᠶ᠋ᠢ ᠬᠠᠩᠭᠠᠬᠤ ᠲᠣᠭᠲᠠᠯᠴᠠᠭᠠᠨ ᠤ᠋ ᠮᠧᠬᠠᠨᠢᠰᠮ ᠪᠠᠶᠢᠭᠤᠯᠬᠤ ᠲᠠᠯᠠ ᠳᠡᢉᠡᠷᠡ ᠨᠢᢉᠡᠳᠦᢉᠰᠡᠨ ᠣᠶᠢᠯᠠᠭᠠᠯᠴᠠᠯ ᠳ᠋ᠤ ᢈᠦᠷᠦᠯᠡ᠃
ᠨᠡᠶᠢᢉᠡᠮ ᠦ᠋ᠨ ᠰᠦᠯᠵᠢᠶᠡᠨ ᠦ᠋ ᠵᠣᢈᠢᠴᠠᠭᠤᠯᠤᠯᠲᠠ: ᠥᠨᠦ ᠶ᠋ᠢᠨ ᠪᠠᠶᠢᠳᠠᠯ ᠪᠠ ᠴᠠᠭᠠᠰᠢᠳᠠ ᠶ᠋ᠢᠨ ᠴᠢᢉ ᠬᠠᠨᠳᠤᠯᠭᠠ ᢈᠡᠯᠡᠯᠴᠡᢉᠦᠯᢉᠡ ᠪᠣᠯᠤᠯᠠ
᠒᠐᠒᠖.᠐᠔.᠒᠗