ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠲᠥᠯᠦᢉᠡᠯᠡᢉᠴᠢᠳ ᠰᠢᠩᠭᠠᠫᠦ᠋ᠷ ᠤᠯᠤᠰ ᠲᠤ ᠠᠵᠢᠯ ᠤ᠋ᠨ ᠠᠭᠤᠯᠵᠠᠯᠲᠠ ᢈᠢᠵᠦ᠂ ᠴᠠᢈᠢᠮ ᠵᠣᢈᠢᠴᠠᠭᠤᠯᠤᠯᠲᠠ ᠶ᠋ᠢᠨ ᠴᠢᢉᠯᠡᠯ ᠢ᠋ᠶᠡᠷ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ ᠪᠡᠷ ᠲᠣᢈᠢᠷᠠᠯᠴᠠᠯ᠎ᠠ

᠒᠐᠒᠖.᠐᠖.᠒᠕
ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ (ᠬᠣ‍᠂ᠬᠠ‍᠂ᠵᠠ‍᠂ᠬᠠ‍)-ᠨᠤ ᠳᠠᠷᠤᠭ᠎ᠠ ᠵᠠ‍᠂ᠪᠠᠲᠤ᠆ᠡᠷᠳᠡᠨᠢ ᠲᠡᠷᠢᢉᠦᠲᠡᠢ ᠲᠥᠯᠦᢉᠡᠯᠡᢉᠴᠢᠳ ᠪᠦᢉᠦᠳᠡ ᠨᠠᠶᠢᠷᠠᠮᠳᠠᠬᠤ ᠰᠢᠩᠭᠠᠫᠦ᠋ᠷ ᠤᠯᠤᠰ ᠲᠤ ᠒᠐᠒᠖ ᠣᠨ ᠤ᠋ ᠐᠖ ᠳ᠋ᠤᠭᠠᠷ ᠰᠠᠷ᠎ᠠ ᠶ᠋ᠢᠨ ᠑᠙᠆᠒᠒᠆ᠤ᠋ ᠡᠳᠦᠷ ᠦ᠋ᠳ ᠲᠦ ᠠᠵᠢᠯ ᠤ᠋ᠨ ᠠᠶᠢᠯᠴᠢᠯᠠᠯ ᢈᠢᠵᠦ᠂ᠲᠤᠰ ᠤᠯᠤᠰ ᠤ᠋ᠨ ᠲᠧᢈᠨᠣᠯᠣᢉᠢ ᠶ᠋ᠢᠨ ᠵᠣᢈᠢᠴᠠᠭᠤᠯᠤᠯᠲᠠ ᠶ᠋ᠢᠨ ᠪᠠᠶᠢᠭᠤᠯᠤᠯᠭ᠎ᠠ ᠪᠣᠯᠤᠨ ᠳᠡᠯᠡᢈᠡᠢ ᠶ᠋ᠢᠨ ᠮᠡᠳᠡᢉᠡᠯᠡᠯ ᠦ᠋ᠨ ᠲᠧᢈᠨᠣᠯᠣᢉᠢ ᠶ᠋ᠢᠨ ᠦᠨᠳᠦᠰᠦᠲᠡᠨ ᠳᠠᠮᠨᠠᠭᠰᠠᠨ ᠫᠯᠠᠲ᠋ᠹᠣᠷᠮ ᠤ᠋ᠳ ᠤ᠋ᠨ ᠠᠽᠢ᠂ ᠨᠣᠮᠤᠬᠠᠨ ᠳᠠᠯᠠᠢ ᠶ᠋ᠢᠨ ᠪᠦᠰᠡ ᠶ᠋ᠢᠨ ᠤᠳᠤᠷᠢᠳᠤᠯᠭ᠎ᠠ ᠨᠤᠭᠤᠳ ᠲᠠᠢ ᠠᠭᠤᠯᠵᠠᠯᠲᠠ ᠵᠣᢈᠢᠶᠠᠨ ᠪᠠᠶᠢᠭᠤᠯᠤᠯ᠎ᠠ᠃ ᠠᠶᠢᠯᠴᠢᠯᠠᠯ ᠤ᠋ᠨ ᢈᠦᠷᠢᠶᠡᠨ ᠳ᠋ᠦ ᠲᠠᠯ᠎ᠠ ᠨᠤᠭᠤᠳ ᠴᠠᢈᠢᠮ ᠣᠷᠴᠢᠨ ᠤ᠋ ᠠᠶᠤᠯ ᠦᢉᠡᠢ ᠪᠠᠶᠢᠳᠠᠯ᠂ ᠳ᠋ᠢᠵᠢᠲ᠋ᠠᠯ ᠵᠣᢈᠢᠴᠠᠭᠤᠯᠤᠯᠲᠠ᠂ ᢈᠡᠦᢈᠡᠳ ᠬᠠᠮᠠᠭᠠᠯᠠᠯ ᠤ᠋ᠨ ᠴᠢᢉᠯᠡᠯ ᠢ᠋ᠶᠡᠷ ᠬᠠᠮᠲᠤ ᠶ᠋ᠢᠨ ᠠᠵᠢᠯᠯᠠᠭ᠎ᠠ ᠶ᠋ᠢ ᠰᠢᠨ᠎ᠡ ᠱᠠᠲᠤᠨ ᠳ᠋ᠤ ᠭᠠᠷᠭᠠᠬᠤ ᠪᠠᠷ ᠲᠣᢈᠢᠷᠠᠯᠴᠠᠪᠠ᠃

ᠢᠩᠭᠠᠫᠦ᠋ᠷ ᠤ᠋ᠨ ᠮᠡᠳᠡᢉᠡᠯᠡᠯ᠂ ᠬᠠᠷᠢᠯᠴᠠᠭ᠎ᠠ ᠬᠣᠯᠪᠤᠭ᠎ᠠ᠂ ᠮᠧᠳᠢᠠ ᢈᠥᢉᠵᠢᠯ ᠦ᠋ᠨ ᠭᠠᠵᠠᠷ ᠲᠠᠢ ᠰᠲ᠋ᠷᠠᠲ᠋ᠧᢉᠢ ᠶ᠋ᠢᠨ ᠬᠠᠮᠲᠤ ᠶ᠋ᠢᠨ ᠠᠵᠢᠯᠯᠠᠭᠠᠨ ᠤ᠋ ᠰᠠᠨᠠᠮᠵᠢ ᠪᠢᠴᠢᢉ ᠪᠠᠶᠢᠭᠤᠯᠬᠤ ᠪᠠᠷ ᠲᠣᢈᠢᠷᠠᠯᠴᠠᠪᠠ᠃ ᠲᠥᠯᠦᢉᠡᠯᠡᢉᠴᠢᠳ ᠰᠢᠩᠭᠠᠫᠦ᠋ᠷ ᠤ᠋ᠨ ᠮᠡᠳᠡᢉᠡᠯᠡᠯ᠂ ᠬᠠᠷᠢᠯᠴᠠᠭ᠎ᠠ ᠬᠣᠯᠪᠤᠭ᠎ᠠ᠂ ᠮᠧᠳᠢᠠ ᢈᠥᢉᠵᠢᠯ ᠦ᠋ᠨ ᠭᠠᠵᠠᠷ (IMDA)-ᠤ᠋ᠨ ᠳᠡᠳ᠋ ᢉᠦᠶᠢᠴᠡᠳᢈᠡᢈᠦ ᠵᠠᢈᠢᠷᠤᠯ᠂ ᠬᠠᠲᠤᠭᠲᠠᠢ ᠠᠶᠢᠯᠢᠨ ᠴᠢᠶ᠎ᠠ (Ms. Aileen Chia) ᠲᠡᠷᠢᢉᠦᠲᠡᠢ ᠠᠯᠪᠠᠨ ᠤ᠋ ᢈᠦᠮᠦᠰ ᠲᠡᠢ ᠬᠣᠶᠠᠷ ᠲᠠᠯᠠᠲᠤ ᠠᠭᠤᠯᠵᠠᠯᠲᠠ ᢈᠢᠯ᠎ᠡ᠃ ᠠᠭᠤᠯᠵᠠᠯᠲᠠ ᠪᠠᠷ ᠬᠣᠶᠠᠷ ᠤᠯᠤᠰ ᠤ᠋ᠨ ᠳᠡᠳ᠋ ᠪᠦᠲᠦᠴᠡ ᠪᠣᠯᠤᠨ ᠴᠠᢈᠢᠮ ᠵᠣᢈᠢᠴᠠᠭᠤᠯᠤᠯᠲᠠ ᠶ᠋ᠢᠨ ᠥᠨᠦ ᠶ᠋ᠢᠨ ᠪᠠᠶᠢᠳᠠᠯ ᠢ᠋ ᢈᠡᠯᠡᠯᠴᠡᠵᠦ᠂ ᠣᠶᠢᠷ᠎ᠠ ᠶ᠋ᠢᠨ ᠬᠤᠭᠤᠴᠠᠭᠠᠨ ᠳ᠋ᠤ ᠬᠠᠮᠲᠤ ᠶ᠋ᠢᠨ ᠠᠵᠢᠯᠯᠠᠭᠠᠨ ᠤ᠋ ᠰᠠᠨᠠᠮᠵᠢ ᠪᠢᠴᠢᢉ (MoU) ᠪᠠᠶᠢᠭᠤᠯᠬᠤ ᠪᠠᠷ ᠲᠣᢈᠢᠷᠠᠯᠴᠠᠪᠠ᠃ ᠬᠠᠮᠲᠤ ᠶ᠋ᠢᠨ ᠠᠵᠢᠯᠯᠠᠭ᠎ᠠ ᠨᠢ ᠳᠠᠷᠠᠭᠠᢈᠢ ᠦᠨᠳᠦᠰᠦᠨ ᠴᠢᢉᠯᠡᠯ ᠦ᠋ᠳ ᠢ᠋ᠶᠡᠷ ᢈᠡᠷᠡᢉᠵᠢᠨ᠎ᠡ᠃ ᠡᢉᠦᠨ ᠳ᠋ᠦ:\n\nᠳ᠋ᠢᠵᠢᠲ᠋ᠠᠯ ᠵᠣᢈᠢᠴᠠᠭᠤᠯᠤᠯᠲᠠ (Digital Regulation): ᠳ᠋ᠢᠵᠢᠲ᠋ᠠᠯ ᠳᠡᠳ᠋ ᠪᠦᠲᠦᠴᠡ᠂ᢈᠢᠮᠡᠯ ᠣᠶᠤᠨ ᠤᠬᠠᠭᠠᠨ (AI) ᠪᠣᠯᠤᠨ ᠥᢉᢉᠦᢉᠳᠡᠯ ᠦ᠋ᠨ ᠵᠣᢈᠢᠴᠠᠭᠤᠯᠤᠯᠲᠠ ᠶ᠋ᠢᠨ (Data regulation) ᠴᠢᢉᠯᠡᠯ ᠢ᠋ᠶᠡᠷ ᠲᠤᠷᠰᠢᠯᠭ᠎ᠠ ᠰᠣᠯᠢᠯᠴᠠᠬᠤ;\nᠻᠢᠪᠧᠷ ᠠᠶᠤᠯ ᠦᢉᠡᠢ ᠪᠠᠶᠢᠳᠠᠯ (Cyber Security): ᢈᠡᠷᠡᢉᠯᠡᢉᠴᠢᠳ ᠢ᠋ ᠴᠠᢈᠢᠮ ᠵᠠᠯᠢᠯᠠᠨ᠂SMS ᠪᠣᠯᠤᠨ ᠳᠠᠭᠤᠳᠠᠯᠭ᠎ᠠ ᠶ᠋ᠢᠨ ᠬᠠᠭᠤᠷᠤᠨ ᠮᠡᢈᠡᠯᠡᠯᠲᠡ ᠡᠴᠡ (Call Fraud) ᠬᠠᠮᠠᠭᠠᠯᠠᠬᠤ᠂ ᠤᠷᠢᠳᠴᠢᠯᠠᠨ ᠰᠡᠷᢉᠡᠶᠢᠯᠡᢈᠦ ᠳ᠋ᠦ ᠰᠠᠶᠢᠨ ᠲᠤᠷᠰᠢᠯᠭ᠎ᠠ ᠬᠤᠪᠢᠶᠠᠯᠴᠠᠬᠤ᠂ ᢈᠦᠮᠦᠨ ᠦ᠋ ᠨᠥᢉᠡᠴᠡ ᠶ᠋ᠢ ᠴᠢᠳᠠᠪᢈᠢᠵᠢᠭᠤᠯᠬᠤ᠃

ᠮᠧᠲ᠋ᠠ ᠻᠣᠮᠫᠠᠨᠢ ᠪᠣᠯᠤᠨ ᢈᠥ‍᠂ᠬᠠ‍᠂ᠵᠠ‍᠂ᠬᠠ‍᠆ᠤ᠋ ᠬᠠᠷᠢᠯᠴᠠᠭ᠎ᠠ ᠶ᠋ᠢ ᠰᠢᠨ᠎ᠡ ᠲᠦᠪᠰᠢᠨ ᠳ᠋ᠦ ᠭᠠᠷᠭᠠᠨ᠎ᠠ᠃ ᠠᠶᠢᠯᠴᠢᠯᠠᠯ ᠤ᠋ᠨ ᠳᠠᠷᠠᠭ᠎ᠠ ᠶ᠋ᠢᠨ ᠠᠭᠤᠯᠵᠠᠯᠲᠠ ᠶ᠋ᠢ ᠮᠧᠲ᠋ᠠ ᠻᠣᠮᠫᠠᠢ ᠶ᠋ᠢᠨ ᠠᠽᠢ᠂ ᠨᠣᠮᠤᠬᠠᠨ ᠳᠠᠯᠠᠢ ᠶ᠋ᠢᠨ ᠪᠦᠰᠡ ᠨᠤᠲᠤᠭ ᠤ᠋ᠨ ᠲᠥᠪ ᠦ᠋ᠨ ᠪᠣᠳᠤᠯᠭ᠎ᠠ ᠶ᠋ᠢᠨ ᠭᠠᠵᠠᠷ ᠤ᠋ᠨ ᠵᠠᢈᠢᠷᠤᠯ᠂ ᠨᠣᠶᠠᠨ ᠹᠢᠯᠢᠫ ᠴᠤᠠ (Mr. Philip Chua) ᠲᠡᠷᠢᢉᠦᠲᠡᠢ ᠲᠥᠯᠦᢉᠡᠯᠡᢉᠴᠢᠳ ᠲᠡᠢ ᢈᠢᠯ᠎ᠡ᠃ ᠲᠠᠯ᠎ᠠ ᠨᠤᠭᠤᠳ ᠬᠠᠮᠲᠤ ᠶ᠋ᠢᠨ ᠠᠵᠢᠯᠯᠠᠭ᠎ᠠ ᠶ᠋ᠢ ᠰᠢᠨ᠎ᠡ ᠲᠦᠪᠰᠢᠨ ᠳ᠋ᠦ ᠭᠠᠷᠭᠠᠬᠤ ᠲᠣᠳᠤᠷᠬᠠᠢ ᠲᠥᠰᠦᠯ ᠦ᠋ᠳ ᠢ᠋ ᠡᢈᠢᠯᠡᢉᠦᠯᢈᠦ ᠪᠡᠷ ᠪᠣᠯᠤᠯ᠎ᠠ᠃ ᠡᢉᠦᠨ ᠳ᠋ᠦ:\n\nᢈᠢᠮᠡᠯ ᠣᠶᠤᠨ ᠢ᠋ ᠨᠤᠲᠤᠭᠰᠢᠭᠤᠯᠬᠤ: ᠮᠧᠲ᠋ᠠ ᠻᠣᠮᠫᠠᠨᠢ ᠶ᠋ᠢᠨ «Llama AI» ᠲᠣᠮᠤᠬᠠᠨ ᢈᠡᠯᠡᠨ ᠦ᠋ ᠵᠠᠭᠪᠤᠷ ᠲᠤ (LLM) ᠮᠣᠩᠭᠣᠯ ᢈᠡᠯᠡ ᠶ᠋ᠢ ᠠᠯᠪᠠᠨ ᠶᠣᠰᠤᠭᠠᠷ ᠨᠡᠪᠲᠡᠷᠡᢉᠦᠯᢈᠦ᠂ᢈᠥᢉᠵᠢᢉᠦᠯᢈᠦ ᠴᠢᢉᠯᠡᠯ ᠢ᠋ᠶᠡᠷ ᠬᠠᠮᠲᠤᠷᠠᠨ ᠠᠵᠢᠯᠯᠠᠬᠤ;\nᢈᠡᠦᢈᠡᠳ ᠬᠠᠮᠠᠭᠠᠯᠠᠯ: ᠴᠠᢈᠢᠮ ᠣᠷᠴᠢᠨ ᠳ᠋ᠠᢈᠢ ᢈᠡᠦᢈᠡᠳ ᠬᠠᠮᠠᠭᠠᠯᠠᠯ ᠢ᠋ ᠰᠠᠶᠢᠵᠢᠷᠠᠭᠤᠯᠬᠤ᠂ᠲᠡᠳᠡᠨ ᠢ᠋ ᠰᠥᠷᢉᠦ ᠻᠣᠨ᠋ᠲ᠋ᠧᠨ᠋ᠲ ᠠ᠋ᠴᠠ ᠬᠠᠮᠠᠭᠠᠯᠠᠬᠤ ᠴᠢᢉᠯᠡᠯ ᠢ᠋ᠶᠡᠷ ᠫᠷᠠᠻᠲ᠋ᠢᠻ ᠠᠵᠢᠯ ᠤ᠋ᠳ ᠢ᠋ ᠬᠠᠮᠲᠤᠷᠠᠨ ᠵᠣᢈᠢᠶᠠᠨ ᠪᠠᠶᠢᠭᠤᠯᠬᠤ;\nᠰᠣᠩᠭᠤᠭᠤᠯᠢ ᠶ᠋ᠢᠨ ᠪᠡᠯᠡᠳᢈᠡᠯ ᠠᠵᠢᠯ: ᠢᠷᠡᢈᠦ ᠒᠐᠒᠗ ᠣᠨ ᠤ᠋ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠪᠣᠯᠤᠨ ᠒᠐᠒᠘ ᠣᠨ ᠤ᠋ ᠤᠯᠤᠰ ᠤ᠋ᠨ ᠶᠡᢈᠡ ᠬᠤᠷᠠᠯ ᠤ᠋ᠨ ᠰᠣᠩᠭᠤᠭᠤᠯᠢ ᠨᠤᠭᠤᠳ ᠤ᠋ᠨ ᠦᠶ᠎ᠡ ᠪᠡᠷ ᠴᠠᢈᠢᠮ ᠣᠷᠴᠢᠨ ᠳ᠋ᠤ ᠬᠠᠭᠤᠷᠮᠠᠴᠢ ᠮᠡᠳᠡᢉᠡᠯᠡᠯ ᠲᠠᠷᠬᠠᠬᠤ ᠠ᠋ᠴᠠ ᠰᠡᠷᢉᠡᠶᠢᠯᠡᢈᠦ᠂ᠫᠯᠠᠲ᠋ᠹᠣᠷᠮ ᠤ᠋ᠨ ᠪᠡᠯᠡᠨ ᠪᠠᠶᠢᠳᠠᠯ ᠢ᠋ ᠬᠠᠩᠭᠠᠬᠤ ᠠᠵᠢᠯ ᠢ᠋ ᠡᢈᠢᠯᠡᢉᠦᠯᢈᠦ᠃