ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠷᠠᠳᠢᠣ᠋ ᠲᠧᠯᠧᠸᠢᠽ ᠦ᠋ᠳ ᠦ᠋ᠨ ᠳᠤᠮᠳᠠ ᠵᠠᠷᠯᠠᠭᠰᠠᠨ ᠤᠷᠤᠯᠳᠤᠭᠠᠨ ᠤ᠋ ᠳ᠋ᠦᠩ ᠭᠠᠷᠴᠤ᠂ ᠰᠢᠯᠢᠳᠡᢉ ᠢ᠋ᠶᠡᠷ ᠰᠢᠯᠭᠠᠷᠠᠭᠰᠠᠨ ᠷᠠᠳᠢᠣ᠋᠂ ᠲᠧᠯᠧᠸᠢᠽ ᠦ᠋ᠳ ᠲᠦ ᠱᠠᠩᠨᠠᠯ ᠭᠠᠷᠳᠠᠭᠤᠯᠬᠤ ᠠᠷᠭᠠ ᢈᠡᠮᠵᠢᠶᠡ ᠥᠨᠦᠳᠦᠷ ᠪᠣᠯᠤᠯᠠ᠃ ᠠᠷᠭᠠ ᢈᠡᠮᠵᠢᠶ ᠡᠨ ᠳ᠋ᠦ ᢈᠢᠵᠠ-ᠨᠢ ᠳᠠᠷᠤᠭᠠ ᠭ᠂ ᠴᠢᠩᠵᠣᠷᠢᠭ᠂ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᢈᠡᠪᠯᠡᠯ ᠦ᠋ᠨ ᠠᠯᠪᠠᠨ ᠤ᠋ ᠳᠠᠷᠤᠭᠠ ᠥ᠂ ᠵᠣᠯᠪᠠᠶᠠᠷ᠂ ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠲᠠᠮᠠᠭᠠ ᠶ᠋ᠢᠨ ᠭᠠᠵᠠᠷ ᠤ᠋ᠨ ᢈᠦᠨᠡᠰᠦᠨ ᠦ᠋ ᠲᠥᠰᠦᠯ ᢈᠥᠲᠦᠯᠪᠦᠷᠢ ᠶ᠋ᠢᠨ ᠳᠠᠷᠤᠭᠠ ᠸᠠ᠃ ᠮᠥᠩᢉᠦᠨᠰᠦ᠋ᢈᠡ᠂ ᠮᠣᠩᠭᠣᠯ ᠤᠯᠤᠰ ᠤ᠋ᠨ ᠰᠣᠶᠤᠯ ᠤ᠋ᠨ ᠭᠠᠪᠢᠶᠠᠲᠤ ᠵᠢᠳᢈᠦᠯᠲᠡᠨ ᢉᠡ᠃ ᠵᠣᠯᠵᠢᠷᠭᠠᠯ ᠨᠠᠷ ᠤ᠋ᠨ ᢈᠦᠷᠦᠯᠴᠡᠨ ᠢᠷᠡᠵᠦ ᠱᠠᠩᠨᠠᠯ ᠢ᠋ ᠭᠠᠷᠳᠠᠭᠤᠯᠤᠯᠠ᠃
ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ ᠡᠷᢉᠦᠨ ᠨᠡᠪᠲᠡᠷᠡᢉᠦᠯᢉᠡ ᠶ᠋ᠢᠨ ᢈᠥᢉᠵᠢᠯ᠂ ᠦᠨᠳᠦᠰᠦᠨ ᠦ᠋ ᠪᠦᠲᠦᢉᠡᠯ ᠦᠢᠯᠡᠳᠪᠦᠷᠢᠯᠡᠯ ᠢ᠋ ᠳᠡᠮᠵᠢᢈᠦ ᠠᠵᠢᠯ ᠤ᠋ᠨ ᢈᠦᠷᠢᠶᠡᠨ ᠳ᠋ᠦ ᠦᠨᠳᠦᠰᠦᠨ ᠦ᠋ ᠲᠡᠦᢈᠡ᠂ ᠰᠣᠶᠤᠯ᠂ ᠤᠯᠠᠮᠵᠢᠯᠠᠯ᠂ ᢈᠡᠦᢈᠡᠳ᠂ ᠲᠠᠨᠢᠨ ᠮᠡᠳᠡᢈᠦᠢ᠂ ᢈᠡᠦᢈᠡᠳ ᠦ᠋ᠨ ᠬᠣᠭᠤᠯᠠ ᢈᠦᠨᠡᠰᠦᠨ ᠦ᠋ ᠵᠥᠪ ᠵᠣᢈᠢᠰᠲᠠᠢ ᢈᠡᠷᠡᢉᠯᠡᢉᠡ᠂ᠮᠥᠨ “ᢈᠦᠨᠡᠰᠦᠨ ᠦ᠋ ᠬᠠᠩᠭᠠᠮᠵᠢ᠂ ᠠᠶᠤᠯ ᠦᢉᠡᠢ ᠪᠠᠶᠢᠳᠠᠯ” ᠦᠨᠳᠦᠰᠦᠨ ᠦ᠋ ᢈᠥᠳᠡᠯᢉᠡᢉᠡᠨ ᠦ᠋ ᠲᠠᠯᠠᠭᠠᠷᢈᠢ ᠲᠠᠨᠢᠨ ᠮᠡᠳᠡᢈᠦᠢ ᠶ᠋ᠢᠨ ᠰᠢᠯᠢᠳᠡᢉ ᠨᠡᠪᠲᠡᠷᠡᢉᠦᠯᢉᠡ ᠶ᠋ᠢᠨ ᠤᠷᠤᠯᠳᠤᠭᠠᠨ ᠢ᠋ ᠷᠠᠳᠢᠤ ᠲᠧᠯᠧᠸᠢ ᠳ᠋ᠦ ᠨᠦ᠋ᢉᠦᠳ ᠦ᠋ᠨ ᠳᠤᠮᠳᠠ ᠵᠠᠷᠯᠠᠭᠰᠠᠨ᠃ ᠒᠐᠒᠔ ᠣᠨ ᠤ᠋ ᠑ ᠳ᠋ᠦ᠋ᢉᠡᠷ ᠰᠠᠷᠠ ᠶ᠋ᠢᠨ ᠑᠐-ᠨ ᠤ᠋ ᠡᠳᠦᠷ ᠡᠴᠡ ᠑᠑ ᠳ᠋ᠦ᠋ᢉᠡᠷ ᠰᠠᠷᠠ ᠶ᠋ᠢᠨ ᠑᠐-ᠨᠢ ᠬᠣᠭᠤᠷᠤᠨᠳᠤ ᠵᠠᠷᠯᠠᠭᠰᠠᠨ ᠡᠨᠡ ᢈᠦ ᠤᠷᠤᠯᠳᠤᠭᠠᠨ ᠳ᠋ᠤ ᠤᠯᠠᠭᠠᠨᠪᠠᠭᠠᠲᠤᠷ ᠬᠣᠲᠠ ᠪᠣᠯᠤᠨ ᠣᠷᠤᠨ ᠨᠤᠲᠤᠭ ᠤ᠋ᠨ ᠓᠓ ᠲᠧᠯᠧᠸᠢᠽ᠂ ᠑᠒ ᠷᠠᠳᠢᠣ᠋ ᠨᠡᠶᠢᠲᠡ ᠑᠗᠑ ᠪᠦᠲᠦᢉᠡᠯ ᠨᠡᠪᠲᠡᠷᠡᢉᠦᠯᢉᠡ ᠪᠡᠯᠡᠳᢈᠡᠨ ᠢᠷᠡᢉᠦᠯᠵᠡᠢ᠃ ᠲᠣᠳᠤᠷᠠᠭᠤᠯᠪᠠᠯ᠂ ᠤᠯᠠᠭᠠᠨᠪᠠᠭᠠᠲᠤᠷ ᠬᠣᠲᠠ ᠶ᠋ᠢᠨ ᠑᠕ ᠲᠧᠯᠧᠸᠢᠽ ᠡᠴᠡ ᠔᠔ ᠪᠦᠲᠦᢉᠡᠯ᠂ ᠣᠷᠤᠨ ᠨᠤᠲᠤᠭ ᠤ᠋ᠨ ᠑᠘ ᠲᠧᠯᠧᠸᠢᠽ ᠡᠴᠡ ᠒᠓ ᠪᠦᠲᠦᢉᠡᠯ᠂ ᠑᠒ ᠷᠠᠳᠢᠣ᠋ ᠠ᠋ᠴᠠ ᠑᠐᠔ ᠪᠦᠲᠦᢉᠡᠯ᠂ ᠨᠡᠪᠲᠡᠷᠡᢉᠦᠯᢉᠡ ᠪᠡᠯᠡᠳᢈᠡᠨ ᠢᠷᠡᢉᠦᠯᠵᠦ ᠥᠷᠢᠰᠦᠯᠳᠦᢉᠰᠡᠨ ᠡᠴᠡ Central᠂ᠹ᠂ NTV᠂ᠤ᠂ ᠹ᠂᠂ ᠲᠸ᠘᠂ ᠒᠕-ᠷ ᠰᠤᠪᠠᠭ ᠲᠧᠯᠧᠸᠢᠽ᠂ ETV᠂ ᠣᠷᠤᠨ ᠨᠤᠲᠤᠭ ᠤ᠋ᠨ ᠲᠧᠯᠧᠸᠢ ᠰᠠᠭᠤᠳ ᠠ᠋ᠴᠠ ᠤᠪᠰᠤ ᠠᠶᠢᠮᠠᠭ ᠤ᠋ᠨ MBC ᠲᠧᠯᠧᠸᠢᠽ᠂ ᠬᠣᠪᠳᠤ ᠠᠶᠢᠮᠠᠭ ᠤ᠋ᠨ ᠬᠣᠪᠳᠤ ᠲᠧᠯᠧᠸᠢᠽ᠂ ᠳᠣᠷᠤᠨᠠᠳᠤ ᠠᠶᠢᠮᠠᠭ ᠤ᠋ᠨ ᠳᠣᠷᠤᠨᠠᠳᠤ ᠲᠥᠪ ᠠᠷᠤᠬᠠᠩᠭᠠᠢ ᠠᠶᠢᠮᠠᠭ ᠤ᠋ᠨ AB ᠲᠧᠯᠧᠸᠢᠽ᠂ ᠳᠣᠷᠤᠨᠠᠳᠤ ᠠᠶᠢᠮᠠᠭ ᠤ᠋ᠨ ᠳᠣᠷᠤᠨᠠ ᠶ᠋ᠢᠨ ᠲᠸ᠖ ᠲᠧᠯᠧᠸᠢᠽ᠂ ᠷᠠᠳᠢᠤ ᠠ᠋ᠴᠠ ᠠᠶᠠᠯᠭᠤ ᠹᠮ ᠘᠙᠂᠓᠂ ᢈᠡᠦᢈᠡᠳ ᠷᠠᠳᠢᠤ ᠹᠮ ᠑᠐᠗᠂᠕- ᠠ᠋ᠴᠠ ᠪᠡᠯᠡᠳᢈᠡᠵᠦ ᠢᠷᠡᢉᠦᠯᠦᢉᠰᠡᠨ ᠪᠦᠲᠦᢉᠡᠯ᠂ ᠨᠡᠪᠲᠡᠷᠡᢉᠦᠯᢉᠡ ᠲᠤᠰ ᠲᠤᠰ ᠰᠢᠯᠢᠳᠡᢉ ᠢ᠋ᠶᠡᠷ ᠰᠢᠯᠭᠠᠷᠠᠯᠠ᠃
ᠮᠥᠨ ᠮᠠᠨ ᠤ᠋ ᠡᠨᠡ ᢈᠦ ᠤᠷᠤᠯᠳᠤᠭᠠᠨ ᠳ᠋ᠤ ᠪᠦᠲᠦᢉᠡᠯ ᠨᠡᠪᠲᠡᠷᠡᢉᠦᠯᢉᠡ ᠪᠡᠨ ᠢᠷᠡᢉᠦᠯᠦᠨ ᠢᠳᠡᠪᢈᠢ ᠲᠡᠢ ᠣᠷᠤᠯᠴᠠᠭᠰᠠᠨ ᠰᠲ᠋ᠠᠷ ᠲᠧᠯᠧᠸᠢᠽ᠂ ᠲᠥᠪᠢ᠂ ᠳᠡᠷᠢᠮ ᠲᠥ᠂ ᠰᠣᠶᠤᠨ ᢉᠡᢉᠡᠷᠡᢉᠦᠯᠦᢉᠴᠢ᠂ ᠭᠠᠩᠳᠠᠨ ᠲᠥ᠂ ᠪᠢᠳᠡᠨ ᠦ᠋ ᠴᠥᢉᠡᢈᠡᠨ ᠮᠣᠩᠭᠤᠯᠴᠤᠳ᠂ ᠡᠻᠣ᠂ ᠯᠠᠶᠢᠪᠠ᠂ NTN ᠲᠧᠯᠧᠸᠢᠽ᠂ ᠣᠷᠬᠤᠨ ᠠᠶᠢᠮᠠᠭ ᠤ᠋ᠨ ᠡᠷᠳᠡᠨᠢᠲᠦ ᠲᠧᠯᠧᠸᠢᠽ᠂ ᠳᠣᠷᠤᠨᠠᠭᠤᠪᠢ ᠠᠶᠢᠮᠠᠭ ᠤ᠋ᠨ DTV᠂ ᢈᠥᠪᠰᠦᢉᠦᠯ ᠠᠶᠢᠮᠠᠭ ᠤ᠋ᠨ ᢈᠥᠪᠰᠦᢉᠦᠯ ᠲᠧᠯᠧᠸᠢᠽ᠂ ᠥᠪᠦᠷᠬᠠᠩᠭᠠᠢ ᠠᠶᠢᠮᠠᠭ ᠤ᠋ᠨ ᢉᠡᢉᠡᢉᠡᠨᠲᠡᠨ ᠲᠧᠯᠧᠸᠢᠽ ᠪᠣᠯᠤᠨ ᢉᠡᠷ ᠪᠦᠯᠢ ᠶ᠋ᠢᠨ ᠷᠠᠳᠢᠣ᠋ ᠹᠮ ᠑᠐᠔᠂᠕᠂ KISS ᠹᠮ ᠑᠐᠐᠂᠑᠂ ᠠᠷᠭᠠ ᠪᠢᠴᠢᢉ ᠹᠮ ᠙᠕᠂᠗᠂ ᠮᠣᠩᠭᠤᠯᠴᠤᠤᠯ ᠤ᠋ᠨ ᠷᠠᠳᠢᠤ ᠑᠐᠒᠂᠑᠂ ᠡᢈᠡ ᠳᠡᠯᠡᢈᠡᠢ ᠹᠮ ᠑᠐᠗᠂ UB radio ᠑᠐᠒᠂᠕᠂ ᢈᠡᠨᠲᠡᠢ ᠠᠶᠢᠮᠠᠭ ᠤ᠋ᠨ ᠴᠡᠴᠡ ᠷᠠᠳᠢᠤ ᠘᠙᠂᠑ ᠹᠮ᠂ ᠳᠠᠷᠬᠠᠨ-ᠠᠭᠤᠯᠠ ᠠᠶᠢᠮᠠᠭ ᠤ᠋ᠨ ᠮᠣᠩᠭᠣᠯ ᠲᠠᠨ ᠳ᠋ᠤ ᠪᠠᠨ ᠵᠢᠳᢈᠦᠶᠡ ᠹᠮ ᠘᠗᠂᠙ ᠷᠠᠳᠢᠣ᠋ ᠶ᠋ᠢᠨ ᠬᠠᠮᠲᠤ ᠣᠯᠠᠨ ᠳ᠋ᠤ ᠲᠠᠯᠠᠷᠬᠠᠯ ᠢᠯᠡᠷᢈᠡᠶᠢᠯᠡᠪᠡ᠃ ᠤᠷᠤᠯᠳᠤᠭᠠᠨ ᠢ᠋ ᠢᠷᠡᢉᠦᠯᠦᢉᠰᠡᠨ ᠪᠦᠲᠦᢉᠡᠯ ᠦ᠋ᠳ ᠢ᠋ ᠷᠠᠳᠢᠣ᠋᠂ ᠲᠧᠯᠧᠸᠢᠽ ᠦ᠋ᠳ ᠦ᠋ᠨ ᢈᠥᠲᠦᠯᠪᠦᠷᠢ ᠳ᠋ᠦ ᠥᠷᢉᠡᠨ ᠨᠡᠪᠲᠡᠷᠡᢉᠦᠯᢉᠡ ᠶ᠋ᠢᠨ ᠲᠤᠬᠠᠢ ᠬᠠᠤᠯᠢ ᠶ᠋ᠢᠨ ᠳᠠᠭᠠᠭᠤ ᠲᠠᠯᠪᠢᠳᠠᠭ ᠮᠣᠩᠭᠣᠯ ᠪᠦᠲᠦᢉᠡᠯ ᠦ᠋ᠨ ᠬᠤᠪᠢ ᢈᠡᠮᠵᠢᠶᠡ᠂ᠦᠨᠳᠦᠰᠦᠨ ᠦ᠋ ᠲᠡᠦᢈᠡ᠂ ᠰᠣᠶᠤᠯ ᠤᠯᠠᠮᠵᠢᠯᠠᠯ᠂ ᠲᠠᠨᠢᠨ ᠮᠡᠳᠡᢈᠦᠢ ᠶ᠋ᠢᠨ ᠪᠣᠯᠤᠨ ᢈᠡᠦᢈᠡᠳ ᠦ᠋ᠨ ᠨᠡᠪᠲᠡᠷᠡᢉᠦᠯᢉᠡ ᠶ᠋ᠢᠨ ᠴᠠᠭ ᠤ᠋ᠨ ᠱᠠᠭᠠᠷᠳᠠᠯᠭᠠ ᠨᠤᠭᠤᠳ ᠢ᠋ ᠬᠠᠩᠭᠠᠭᠰᠠᠨ ᠪᠠᠶᠢᠳᠠᠯ᠂ ᠤᠷᠤᠯᠳᠤᠭᠠᠨ ᠤ᠋ ᠲᠥᠷᠦᠯ ᠠᠩᢉᠢᠯᠠᠯ᠂ ᠰᠡᠳᠦᠪᠲᠦ ᠲᠣᢈᠢᠷᠠᠭᠰᠠᠨ ᠪᠠᠶᠢᠳᠠᠯ᠂ ᠳᠠᠭᠤᠤ᠂ ᠳᠦᠷᠰᠦᠨ ᠦ᠋ ᠮᠡᠷᢉᠡᠵᠢᠯ ᠦ᠋ᠨ ᠲᠦᠪᠰᠢᠨ ᠵᠡᠷᢉᠡ ᠦᠵᠡᢉᠦᠯᠦᠯᠲᠡ ᠨᠦ᠋ᢉᠦᠳ ᠢ᠋ᠶᠡᠷ ᠮᠡᠷᢉᠡᠵᠢᠯ ᠦ᠋ᠨ ᢈᠥᠨᠳᠡᠯᠡᠨ ᠦ᠋ ᠰᠢᢉᠦᢉᠴᠢᠳ ᠦ᠋ᠨ ᠪᠦᠷᠢᠯᠳᠦᢈᠦᠨ ᠦᠵᠡᠵᠦ᠂ ᠰᠢᠯᠭᠠᠷᠠᠭᠤᠯᠤᠭᠰᠠᠨ᠃ ᠡᠨᠡ ᢈᠦ ᠤᠷᠤᠯᠳᠤᠭᠠᠨ ᠨᠢ ᠦᠨᠳᠦᠰᠦᠨ ᠦ᠋ ᠪᠦᠲᠦᢉᠡᠯ ᠦᠢᠯᠡᠳᠪᠦᠷᠢᠯᠡᠯ ᠢ᠋ ᠳᠡᠮᠵᠢᢈᠦ᠂ ᠦᠨᠳᠦᠰᠦᠨ ᠦ᠋ ᠲᠡᠦᢈᠡ᠂ ᠰᠣᠶᠤᠯ᠂ ᠥᠪ ᠤᠯᠠᠮᠵᠢᠯᠠᠯ ᠢ᠋ ᠬᠣᠶᠢᠴᠢ ᠦᠶᠡ ᠳ᠋ᠦ ᠪᠡᠨ ᠥᠪᠯᠡᢉᠦᠯᠦᠨ ᠦᠯᠡᠳᠡᢉᠡᢈᠦ᠂ ᠰᠢᠨᠵᠢᠯᠡᢈᠦ ᠤᠬᠠᠭᠠᠨ᠂ ᠲᠠᠨᠢᠨ ᠮᠡᠳᠡᢈᠦᠢ᠂ ᢈᠦᠨᠡᠰᠦᠨ ᠦ᠋ ᠬᠠᠩᠭᠠᠮᠵᠢ᠂ ᠠᠶᠤᠯ ᠦᢉᠡᠢ ᠪᠠᠶᠢᠳᠠᠯ ᠲᠡᠷᠡ ᠳᠤᠮᠳᠠ ᠪᠠᠨ ᢈᠡᠦᢈᠡᠳ ᠦ᠋ᠨ ᠬᠣᠭᠤᠯᠠ ᢈᠦᠨᠡᠰᠦᠨ ᠦ᠋ ᠲᠠᠯᠠᠭᠠᠷᢈᠢ ᠣᠶᠢᠯᠠᠭᠠᠯᠲᠠ ᠮᠡᠳᠡᠯᢉᠡ ᠶ᠋ᠢ ᠨᠡᠮᠡᢉᠳᠡᢉᠦᠯᢈᠦ ᠵᠣᠷᠢᠯᠭᠠ ᠲᠠᠢ ᠶᠤᠮ᠃