ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠴᠠᢈᠢᠮ ᠬᠠᠭᠤᠳᠠᠰᠤ ᠪᠠᠷ ᠵᠣᠴᠢᠯᠠᠵᠤ᠂ ᠪᠢᠳᠡᠨ ᠦ᠋ ᠦᠢᠯᠡ ᠠᠵᠢᠯᠯᠠᠭᠠ ᠲᠠᠢ ᠲᠠᠨᠢᠯᠴᠠᠵᠤ ᠪᠠᠶᠢᠭᠠ ᠲᠠᠨ ᠳ᠋ᠤ ᠡᠨᠡ ᠡᠳᠦᠷ ᠦ᠋ᠨ ᠮᠡᠨᠳᠦ ᠳᠡᠪᠰᠢᢉᠦᠯᠦᠶᠡ!
ᠮᠢᠨᠤ ᠪᠡᠶᠡ᠂ ᠮᠣᠩᠭᠣᠯ ᠤᠯᠤᠰ ᠤ᠋ᠨ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠰᠠᠯᠪᠤᠷᠢ ᠶ᠋ᠢᠨ ᠵᠣᢈᠢᠴᠠᠭᠤᠯᠤᠯᠲᠠ ᠶ᠋ᠢᠨ ᠪᠠᠶᠢᠭᠤᠯᠤᠯᠭᠠ ᠪᠣᠯᠬᠤ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ ᠶ᠋ᠢ ᠤᠳᠤᠷᠢᠳᠤᠨ ᠠᠵᠢᠯᠯᠠᠬᠤ ᠪᠠᠷ ᠲᠣᠮᠢᠯᠠᠭᠳᠠᠵᠤ᠂ ᠒᠐᠑᠘ ᠣᠨ ᠤ᠋ ᠙ ᠳ᠋ᠦ᠋ᢉᠡᠷ ᠰᠠᠷᠠ ᠶ᠋ᠢᠨ ᠒᠕- ᠠ᠋ᠴᠠ ᠡᢈᠢᠯᠡᠨ ᠠᠵᠢᠯᠯᠠᠵᠤ ᠪᠠᠶᠢᠨᠠ᠃
ᠲᠤᠰ ᠬᠣᠷᠢᠶᠠ ᠨᠢ ᠮᠣᠩᠭᠣᠯ ᠤᠯᠤᠰ ᠤ᠋ᠨ ᠬᠠᠤᠯᠢ ᠳ᠋ᠤ ᠵᠢᠭᠠᠭᠰᠠᠨ ᠦᠨᠳᠦᠰᠦᠨ ᠴᠢᢉ ᠡᢉᠦᠷᢉᠡ᠂ ᠪᠦᠷᠢᠨ ᠡᠷᢈᠡ ᠶ᠋ᠢᠨ ᠳᠠᠭᠠᠭᠤ ᠮᠡᠳᠡᢉᠡᠯᠡᠯ᠂ ᠬᠠᠷᠢᠯᠴᠠᠭᠠ ᠬᠣᠯᠪᠤᠭᠠᠨ ᠤ᠋ ᠰᠠᠯᠪᠤᠷᠢ ᠳ᠋ᠤ ᠲᠥᠷᠦ ᠡᠴᠡ ᠪᠠᠷᠢᠮᠲᠠᠯᠠᠬᠤ ᠪᠣᠳᠤᠯᠭᠠ᠂ᠬᠠᠤᠯᠢ ᠲᠣᠭᠲᠠᠭᠠᠮᠵᠢ ᠶ᠋ᠢᠨ ᢈᠦᠷᠢᠶᠡᠨ ᠳ᠋ᠦ ᠰᠢᠨᠡ ᠳᠡᠪᠰᠢᠯᠲᠡᠲᠦ ᠲᠧᠻᠨᠢᢉ᠂ ᠲᠧᠻᠨᠣᠯᠣᢉᠢ ᠶ᠋ᠢ ᠨᠡᠶᠢᢉᠡᠮ᠂ ᠡᠳ᠋ ᠦ᠋ᠨ ᠵᠠᠰᠠᠭ ᠤ᠋ᠨ ᠪᠦᢈᠦᠢ ᠯᠠ ᠰᠠᠯᠪᠤᠷᠢ ᠳ᠋ᠤ ᠨᠡᠪᠲᠡᠷᠡᢉᠦᠯᢈᠦ᠂ ᠡᠷᢈᠡ ᠵᠦᠢ᠂ ᠡᠳ᠋ ᠦ᠋ᠨ ᠵᠠᠰᠠᠭ ᠤ᠋ᠨ ᠣᠨᠤᠪᠴᠢᠲᠠᠢ ᠵᠣᢈᠢᠴᠠᠭᠤᠯᠤᠯᠲᠠ ᠪᠠᠷ ᠬᠠᠩᠭᠠᠵᠤ ᠢᠷᢉᠡᠳ ᠲᠦ ᠲᠥᠷᠦ ᠶ᠋ᠢᠨ ᠪᠣᠯᠤᠨ ᠮᠡᠳᠡᢉᠡᠯᠡᠯ ᠬᠠᠷᠢᠯᠴᠠᠭᠠ ᠬᠣᠯᠪᠤᠭᠠᠨ ᠤ᠋ ᠲᠥᠷᠦᠯ ᠪᠦᠷᠢ ᠶ᠋ᠢᠨ ᢈᠡᠷᠡᢉᠯᠡᢉᠡ᠂ ᠦᠢᠯᠡᠴᠢᠯᠡᢉᠡ ᠶ᠋ᠢ ᠴᠢᠨᠠᠷ ᠤ᠋ᠨ ᠥᠨᠳᠦᠷ ᠲᠦᠪᠰᠢᠨ ᠳ᠋ᠦ ᢈᠦᠷᢈᠡᢈᠦ᠂ ᠲᠡᠳᠡᢉᠡᠷ ᠦ᠋ᠨ ᢈᠦᠷᠲᠡᢉᠡᠮᠵᠢ ᠶ᠋ᠢ ᠰᠠᠶᠢᠵᠢᠷᠠᠭᠤᠯᠬᠤ᠂ ᠰᠢᠳᠤᠷᠭᠤ ᠥᠷᠢᠰᠦᠯᠳᠦᢉᠡᠨ ᠦ᠋ ᠨᠥᢈᠦᠴᠡᠯ ᠢ᠋ ᠪᠦᠷᠢᠳᠦᢉᠦᠯᢈᠦ ᠠᠵᠢᠯ ᠢ᠋ ᢈᠡᠷᠡᢉᠵᠢᢉᠦᠯᠵᠦ ᠠᠵᠢᠯᠯᠠᠳᠠᠭ᠃
ᠪᠢᠳᠡ᠂ ᠵᠣᢈᠢᠴᠠᠭᠤᠯᠬᠤ ᠪᠠᠶᠢᠭᠤᠯᠤᠯᠭᠠ ᠶ᠋ᠢᠨ ᠦᠢᠯᠡ ᠠᠵᠢᠯᠯᠠᠭᠠᠨ ᠤ᠋ ᠢᠯᠡ ᠲᠣᠳᠤ᠂ ᠨᠡᢉᠡᢉᠡᠯᠲᠡ ᠲᠡᠢ ᠪᠠᠶᠢᠳᠠᠯ ᠢ᠋ ᠬᠠᠩᠭᠠᠨ ᠬᠠᠷᠢᠭᠤᠴᠠᠯᠭᠠᠲᠠᠢ᠂ ᠴᠢᠳᠠᠪᠤᠷᠢᠯᠢᠭ᠂ ᠰᠢᠭᠤᠷᠬᠠᠢ᠂ ᠰᠢᠳᠤᠷᠭᠤ ᠪᠠᠶᠢᠬᠤ ᠵᠠᠷᠴᠢᠮ ᠢ᠋ ᠦᠨᠡᠲᠦ ᠵᠦᠢᠯᠡᠰ ᠢ᠋ᠶᠡᠨ ᠪᠣᠯᠭᠠᠨ ᠴᠠᢈᠢᠮ ᠣᠷᠴᠢᠨ ᠤ᠋ ᠮᠡᠳᠡᢉᠡᠯᠡᠯ ᠦ᠋ᠨ ᠠᠶᠤᠯ ᠦᢉᠡᠢ ᠪᠠᠶᠢᠳᠠᠯ ᠢ᠋ ᠬᠠᠩᠭᠠᠬᠤ᠂ᠥᠷᢉᠡᠨ ᠵᠤᠷᠪᠤᠰ ᠤ᠋ᠨ ᠦᠢᠯᠡᠴᠢᠯᠡᢉᠡ᠂ ᢈᠡᠷᠡᢉᠯᠡᢉᠡ ᠶ᠋ᠢ ᠨᠡᠮᠡᢉᠳᠡᢉᠦᠯᠵᠦ ᠮᠡᠳᠡᢉᠡᠯᠡᠯ ᠢ᠋ ᢈᠦᠷᠲᠡᢈᠦ ᠲᠣᠭᠠᠨ ᠬᠤᠪᠢᠶᠠᠭᠳᠠᠯ ᠢ᠋ ᠪᠠᠭᠠᠰᠬᠠᠬᠤ᠂ ᠥᠷᢉᠡᠨ ᠨᠡᠪᠲᠡᠷᠡᢉᠦᠯᢉᠡ᠂ ᠻᠣᠨ᠋ᠲ᠋ᠧᠨ᠋ᠲ ᠢ᠋ ᢈᠥᢉᠵᠢᢉᠦᠯᢈᠦ᠂ ᢈᠡᠷᠡᢉᠯᠡᢉᠴᠢ ᠶ᠋ᠢᠨ ᠮᠡᠳᠡᢉᠡᠯᠡᠯ ᠦ᠋ᠨ ᠲᠧᠻᠨᠣᠯᠣᢉᠢ ᠶ᠋ᠢᠨ ᠪᠣᠯᠪᠠᠰᠤᠷᠠᠯ ᠢ᠋ ᠳᠡᢉᠡᢉᠰᠢᠯᠡᢉᠦᠯᢈᠦ ᠳ᠋ᠦ ᠴᠢᢉᠯᠡᢉᠰᠡᠨ ᠵᠣᢈᠢᠴᠠᠭᠤᠯᠤᠯᠲᠠ ᠶ᠋ᠢ ᢈᠢᠵᠦ ᠠᠵᠢᠯᠯᠠᠬᠤ ᠪᠣᠯᠤᠨᠠ᠃
ᠰᠠᠯᠪᠤᠷᠢ ᠶ᠋ᠢᠨ ᠵᠣᢈᠢᠴᠠᠭᠤᠯᠬᠤ ᠪᠠᠶᠢᠭᠤᠯᠤᠯᠭᠠ ᠡᢉᠦᠰᠴᠦ ᢈᠥᢉᠵᠢᢉᠰᠡᠨ ᠓᠐ ᠵᠢᠯ ᠦ᠋ᠨ ᠬᠤᠭᠤᠴᠠᠭᠠᠨ ᠳ᠋ᠤ ᠵᠣᢈᠢᠴᠠᠭᠤᠯᠬᠤ ᠪᠠᠶᠢᠭᠤᠯᠤᠯᠭᠠ ᠶ᠋ᠢᠨ ᠤᠳᠤᠷᠢᠳᠤᠯᠭᠠ ᠶ᠋ᠢᠨ ᠪᠠᠭ ᠤ᠋ᠳ ᠤ᠋ᠨ ᢈᠢᠵᠦ ᢉᠦᠢᠴᠡᠳᢈᠡᢉᠰᠡᠨ ᠥᠷᢉᠡᠨ ᠴᠠᠷ ᢈᠦᠷᠢᠶᠡ ᠲᠡᠢ ᠪᠣᠳᠤᠯᠭᠠ᠂ᠵᠣᢈᠢᠴᠠᠭᠤᠯᠤᠯᠲᠠ ᠶ᠋ᠢᠨ ᠰᠢᠢᠳᠪᠦᠷᠢ ᠨᠦ᠋ᢉᠦᠳ᠂ ᢈᠡᠷᠡᢉᠵᠢᢉᠦᠯᠦᢉᠰᠡᠨ ᠲᠥᠰᠦᠯ ᠦ᠋ᠳ᠂ ᠵᠥᠪ ᠵᠦᠢ ᠲᠡᠢ ᠰᠠᠨᠠᠭᠠᠴᠢᠯᠠᠭᠠ ᠨᠤᠭᠤᠳ ᠢ᠋ ᠦᠷᢉᠦᠯᠵᠢᠯᠡᢉᠦᠯᢈᠦ᠂ᠵᠠᠰᠠᠴᠢ ᠪᠣᠯᠪᠠᠰᠤᠷᠠᠩᠭᠤᠢ ᠪᠣᠯᠭᠠᠬᠤ ᠳ᠋ᠤ ᠵᠥᠪᠰᠢᠶᠡᠷᠡᠯ ᠡᠵᠡᠮᠰᠢᢉᠴᠢᠳ᠂ ᠮᠡᠷᢉᠡᠵᠢᠯ ᠦ᠋ᠨ ᠪᠠᠶᠢᠭᠤᠯᠤᠯᠭᠠ᠂ ᠠᠬᠠᠮᠠᠳ ᠦᠶᠡ ᠶ᠋ᠢᠨ ᠬᠣᠯᠪᠤᠭᠠᠴᠢᠳ᠂ ᢈᠡᠷᠡᢉᠯᠡᢉᠴᠢᠳ ᠦ᠋ᠨ ᠰᠠᠨᠠᠯ ᠵᠥᠪᠯᠡᠮᠵᠢ ᠶ᠋ᠢ ᠰᠣᠨᠤᠰᠴᠤ ᠲᠡᠳᠡᠨ ᠲᠡᠢ ᠬᠠᠮᠲᠤᠷᠠᠨ ᠠᠵᠢᠯᠯᠠᠬᠤ ᠶ᠋ᠢ ᠵᠣᠷᠢᠵᠤ ᠪᠠᠶᠢᠨᠠ᠃
ᠮᠡᠳᠡᢉᠡᠯᠡᠯ ᠦ᠋ᠨ ᠲᠧᠻᠨᠣᠯᠣᢉᠢ ᠶ᠋ᠢᠨ ᢈᠥᢉᠵᠢᠯ ᠦ᠋ᠨ ᠡᠷᠢᠨ ᠦᠶᠡ ᠳ᠋ᠦ ᠲᠤᠰ ᠰᠠᠯᠪᠤᠷᠢ ᠶ᠋ᠢᠨ ᠵᠣᢈᠢᠴᠠᠭᠤᠯᠤᠯᠲᠠ ᠶ᠋ᠢᠨ ᠲᠤᠯᠭᠠᠮᠳᠠᠭᠰᠠᠨ ᠠᠰᠠᠭᠤᠳᠠᠯ ᠤ᠋ᠳ ᠢ᠋ ᠰᠢᠢᠳᢈᠦ ᠳ᠋ᠦ ᠲᠧᢈᠨᠢᢉ᠂ ᠲᠧᠻᠨᠣᠯᠣᢉᠢ ᠶ᠋ᠢᠨ ᠣᠨᠤᠪᠴᠢᠲᠠᠢ ᠰᠢᠢᠳᠦᠯ ᠢ᠋ ᠠᠰᠢᠭᠯᠠᠵᠤ ᠪᠤᠢ ᢈᠥᢉᠵᠢᠩᢉᠦᠢ ᠤᠯᠤᠰ ᠣᠷᠤᠨ ᠨᠤᠭᠤᠳ ᠤ᠋ᠨ ᠵᠣᢈᠢᠴᠠᠭᠤᠯᠬᠤ ᠪᠠᠶᠢᠭᠤᠯᠤᠯᠭᠠ ᠶ᠋ᠢᠨ ᠵᠢᠱᠢᢉ᠂ ᠲᠤᠷᠰᠢᠯᠭᠠ ᠶ᠋ᠢ ᠰᠤᠳᠤᠯᠵᠤ ᢈᠡᠷᠡᢉᠵᠢᢉᠦᠯᢈᠦ᠂ ᠡᠷᢈᠡ ᠵᠦᠢ ᠶ᠋ᠢᠨ ᠣᠷᠴᠢᠨ ᠢ᠋ ᠰᠠᠶᠢᠵᠢᠷᠠᠭᠤᠯᠬᠤ ᠴᠢᢉᠯᠡᠯ ᠢ᠋ᠶᠡᠷ ᠢᠳᠡᠪᢈᠢ ᠵᠢᠳᢈᠦᠯ ᠭᠠᠷᠭᠠᠨ ᠠᠵᠢᠯᠯᠠᠬᠤ᠂ ᠰᠠᠯᠪᠤᠷᠢ ᠶ᠋ᠢᠨ ᠦᠢᠯᠡᠴᠢᠯᠡᢉᠡ ᠡᠷᢈᠢᠯᠡᢉᠴᠢᠳ ᠦ᠋ᠨ ᠵᠣᢈᠢᠰᠲᠠᠢ ᠦᠢᠯᠡ ᠠᠵᠢᠯᠯᠠᠭᠠ ᠶ᠋ᠢ ᠳᠡᠮᠵᠢᠨ᠂ ᢈᠡᠷᠡᢉᠯᠡᢉᠴᠢ ᠶ᠋ᠢᠨ ᠡᠷᢈᠡ ᠠᠰᠢᠭ ᠲᠤ ᠢᠯᠡᢉᠦᠦ ᠨᠡᠶᠢᠴᠡᢉᠰᠡᠨ ᠦᠢᠯᠡᠴᠢᠯᠡᢉᠡ ᠶ᠋ᠢ ᠪᠤᠢ ᠪᠣᠯᠭᠠᠬᠤ ᠶ᠋ᠢ ᠨᠡᠩ ᠲᠡᠷᠢᢉᠦᠨ ᠦ᠋ ᠵᠣᠷᠢᠯᠲᠠ ᠪᠠᠨ ᠪᠣᠯᠭᠠᠨ ᠠᠵᠢᠯᠯᠠᠬᠤ ᠪᠣᠯᠤᠨᠠ᠃
ᠲᠠ ᠪᠦᢈᠦᠨ ᠳ᠋ᠦ ᠠᠮᠵᠢᠯᠲᠠ᠂ ᠰᠠᠶᠢᠨ ᠰᠠᠶᠢᠬᠠᠨ ᠪᠦᢈᠦᠨ ᠢ᠋ ᢈᠦᠰᠡᠶᠡ!
ᢈᠦᠨᠳᠦᠳᢈᠡᢉᠰᠡᠨ᠂
ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠳᠠᠷᠤᠭᠠ
ᠮᠣᠩᠭᠣᠯ ᠤᠯᠤᠰ ᠤ᠋ᠨ ᠭᠠᠪᠢᠶᠠᠲᠤ ᠬᠣᠯᠪᠤᠭᠠᠴᠢᠨ
ᠭᠣᠨᠴᠤᠭ ᠤ᠋ᠨ ᠴᠢᠩᠵᠤᠷᠢᠭ