«ᠵᠣᢈᠢᠴᠠᠭᠤᠯᠤᠯᠲᠠ - ᠒᠐᠒᠔» ᠠᠷᠭ᠎ᠠ ᢈᠡᠮᠵᠢᠶ᠎ᠡ ᠪᠣᠯᠤᠯ᠎ᠠ

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠮᠡᠳᠡᢉᠡᠯᠡᠯ᠂ ᠬᠠᠷᠢᠯᠴᠠᠭ᠎ᠠ ᠬᠣᠯᠪᠤᠭᠠᠨ ᠤ᠋ ᠲᠤᠰᠬᠠᠢ ᠵᠥᠪᠰᠢᠶᠡᠷᠡᠯ ᠡᠵᠡᠮᠰᠢᢉᠴᠢᠳ ᠦ᠋ᠨ ᠳᠤᠮᠳᠠ ᠵᠢᠯ ᠪᠦᠷᠢ ᠤᠯᠠᠮᠵᠢᠯᠠᠯ ᠪᠣᠯᠭᠠᠨ ᠵᠣᢈᠢᠶᠠᠨ ᠪᠠᠶᠢᠭᠤᠯᠳᠠᠭ “ᠵᠣᢈᠢᠴᠠᠭᠤᠯᠤᠯᠲᠠ” ᠠᠷᠭ᠎ᠠ ᢈᠡᠮᠵᠢᠶ᠎ᠡ ᠒᠐᠒᠔ ᠣᠨ ᠤ᠋ ᠑᠒ ᠳ᠋ᠤᠭᠠᠷ ᠰᠠᠷ᠎ᠠ ᠶ᠋ᠢᠨ ᠐᠓-ᠨ ᠤ᠋ ᠡᠳᠦᠷ ᠪᠣᠯᠤᠯ᠎ᠠ᠃

ᠡᠨᠡ ᢈᠦ ᠠᠷᠭ᠎ᠠ ᢈᠡᠮᠵᠢᠶ᠎ᠡ ᠪᠡᠷ ᠰᠠᠯᠪᠤᠷᠢ ᠶ᠋ᠢᠨ ᢈᠥᢉᠵᠢᠯ ᠦ᠋ᠨ ᠴᠢᢉ ᠬᠠᠨᠳᠤᠯᠭ᠎ᠠ᠂ ᠰᠣᠷᠢᠯᠲᠠ᠂ ᠲᠤᠷᠰᠢᠯᠭ᠎ᠠ ᠶ᠋ᠢᠨ ᠲᠠᠯᠠᠭᠠᠷ ᠨᠡᢉᠡᢉᠡᠯᠲᠡᠲᠡᠢ ᢈᠡᠯᠡᠯᠴᠡᢉᠦᠯᢉᠡ ᠥᠷᠨᠢᢉᠦᠯᠵᠦ᠂ ᠴᠠᠭᠠᠰᠢᠳᠠ ᠶ᠋ᠢᠨ ᠵᠣᠷᠢᠯᠭ᠎ᠠ᠂ ᠬᠠᠮᠲᠤᠷᠠᠨ ᢈᠡᠷᠡᢉᠵᠢᢉᠦᠯᢈᠦ ᠠᠷᠭ᠎ᠠ ᢈᠡᠮᠵᠢᠶ ᠡᠨ ᠦ᠋ ᠲᠠᠯᠠᠭᠠᠷ ᠵᠥᠪᠯᠡᠯᠳᠦᠳᠡᢉ᠃ ᠡᠨᠡ ᠵᠢᠯ “ᠵᠣᢈᠢᠴᠠᠭᠤᠯᠤᠯᠲᠠ - ᠒᠐᠒᠔” ᠠᠷᠭ᠎ᠠ ᢈᠡᠮᠵᠢᠶ ᠡᠨ ᠳ᠋ᠦ Cullen International ᠣᠯᠠᠨ ᠤᠯᠤᠰ ᠤ᠋ᠨ ᠰᠤᠳᠤᠯᠭᠠᠨ ᠤ᠋ ᠪᠠᠶᠢᠭᠤᠯᠤᠯᠭ᠎ᠠ ᠶ᠋ᠢᠨ ᠵᠠᢈᠢᠷᠤᠯ ᠨᠣᠶᠠᠨ Philippe Defraigne ᢈᠦᠷᠦᠯᠴᠡᠨ ᠢᠷᠡᠵᠦ ᠢᠯᠡᠳᢈᠡᠯ ᠲᠠᠯᠪᠢᠭᠰᠠᠨ ᠪᠥᢉᠡᠳ ᠓᠘ ᠪᠠᠶᠢᠭᠤᠯᠤᠯᠭ᠎ᠠ ᠶ᠋ᠢᠨ ᠘᠐ ᠭᠠᠷᠤᠢ ᠲᠥᠯᠦᢉᠡᠯᠡᠯ ᠣᠷᠤᠯᠴᠠᠯ᠎ᠠ᠃ ᠲᠣᠳᠤᠷᠠᠭᠤᠯᠪᠠᠯ᠂ ᠨᠣᠶᠠᠨ Philippe Defraigne ᠧᠦ᠋ᠷᠣᠫᠠ ᠶ᠋ᠢᠨ ᠬᠣᠯᠪᠤᠭᠠᠨ ᠤ᠋ ᠬᠠᠤᠯᠢ ᠡᠷᢈᠡ ᠵᠦᠢ᠂ ᠪᠢᠽᠢᠨᠧᠰ ᠦ᠋ᠨ ᠣᠷᠴᠢᠨ ᠳ᠋ᠤ ᠲᠣᠮᠤᠬᠠᠨ ᠥᢉᠡᠷᠡᠴᠢᠯᠡᠯᠲᠡ ᠣᠷᠤᠭᠤᠯᠵᠤ ᠪᠤᠢ ᠳ᠋ᠢᠵᠢᠲ᠋ᠠᠯ ᠡᠳ᠋ ᠦ᠋ᠨ ᠵᠠᠰᠠᠭ ᠤ᠋ᠨ ᠭᠣᠣᠯ ᠬᠠᠤᠯᠢ ᠨᠤᠭᠤᠳ ᠪᠣᠯᠬᠤ ᠴᠠᢈᠢᠮ ᠦᠶᠢᠯᠡᠴᠢᠯᠡᢉᠡᠨ ᠦ᠋ ᠬᠠᠤᠯᠢ (DSA)᠂ᠤ‍᠂ ᠹ‍᠂᠂ ᠴᠠᢈᠢᠮ ᠬᠤᠳᠠᠯᠳᠤᠭᠠᠨ ᠤ᠋ ᠬᠠᠤᠯᠢ (DMA) ᠪᠣᠯᠤᠨ ᢈᠢᠮᠡᠯ ᠣᠶᠤᠨ ᠤᠬᠠᠭᠠᠨ᠂ ᠶᠡᢈᠡ ᠥᢉᢉᠦᢉᠳᠡᠯ᠂ ᠮᠡᠳᠡᢉᠡᠯᠡᠯ ᠦ᠋ᠨ ᠰᠦᠯᠵᠢᠶᠡᠨ ᠦ᠋ ᠬᠠᠷᠢᠯᠴᠠᠨ ᠬᠣᠯᠪᠤᠯᠲᠠ ᠶ᠋ᠢᠨ ᠵᠣᢈᠢᠴᠠᠭᠤᠯᠤᠯᠲᠠ ᠶ᠋ᠢᠨ ᠲᠠᠯᠠᠭᠠᠷ ᠲᠠᠨᠢᠯᠴᠠᠭᠤᠯᠵᠤ᠂ ᠣᠷᠤᠯᠴᠠᠭᠴᠢᠳ ᠤ᠋ᠨ ᠠᠰᠠᠭᠤᠯᠲᠠ ᠳ᠋ᠤ ᠬᠠᠷᠢᠭᠤᠯᠲᠠ ᠥᢉᠴᠦ ᢈᠡᠯᠡᠯᠴᠡᢉᠦᠯᢉᠡ ᠥᠷᠨᠢᢉᠦᠯᠦᢉᠰᠡᠨ ᠶᠤᠮ᠃

ᠮᠥᠨ ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠵᠦᢉ ᠡᠴᠡ ᢈᠡᠷᠡᢉᠵᠢᢉᠦᠯᠵᠦ ᠪᠤᠢ ᠪᠣᠯᠤᠨ ᠴᠠᠭᠠᠰᠢᠳᠠ ᢈᠡᠷᠡᢉᠵᠢᢉᠦᠯᢈᠦ ᠠᠷᠭ᠎ᠠ ᢈᠡᠮᠵᠢᠶ ᠡᠨ ᠦ᠋ ᠲᠠᠯᠠᠭᠠᠷ ᠢᠯᠡᠳᢈᠡᠯ ᠢ᠋ ᢈᠢᠵᠠᠬᠠ-ᠨᠤ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭ᠎ᠠ ᠲᠠ᠃ ᠪᠠᠲᠤᠪᠣᠯᠤᠳ ᢈᠡᠯᠡᠯᠴᠡᢉᠦᠯᠵᠦ᠂ ᠰᠠᠨᠠᠯ ᠰᠣᠯᠢᠯᠴᠠᠪᠠ᠃ ᠵᠣᢈᠢᠴᠠᠭᠤᠯᠤᠯᠲᠠ ᠒᠐᠒᠔ ᠠᠷᠭ᠎ᠠ ᢈᠡᠮᠵᠢᠶ᠎ᠡ ᠨᠢ ᠴᠠᢈᠢᠮ ᠣᠷᠴᠢᠨ᠂ ᠰᠢᠨ᠎ᠡ ᠲᠧᠻᠨᠣᠯᠣᢉᠢ᠂ ᠥᠷᠢᠰᠦᠯᠳᠦᢉᠡᠨ᠂ ᠶᠡᢈᠡ ᠥᢉᢉᠦᢉᠳᠡᠯ᠂ ᢈᠢᠮᠡᠯ ᠣᠶᠤᠨ ᠤᠬᠠᠭᠠᠨ᠂ ᠳ᠋ᠢᠵᠢᠲ᠋ᠠᠯ ᠬᠣᠯᠪᠤᠯᠲᠠ᠂ ᠮᠡᠳᠡᢉᠡᠯᠡᠯ ᠦ᠋ᠨ ᠠᠶᠤᠯ ᠦᢉᠡᠢ ᠪᠠᠶᠢᠳᠠᠯ ᠵᠡᠷᢉᠡ ᠰᠡᠳᠦᠪ ᠦ᠋ᠳ ᠦ᠋ᠨ ᢈᠦᠷᠢᠶᠡᠨ ᠳ᠋ᠦ ᠨᠢᢉᠡᠳᠦᠮᠡᠯ ᠣᠶᠢᠯᠠᠭᠠᠯᠲᠠ ᠪᠠᠨ ᠪᠡᢈᠢᠵᠢᢉᠦᠯᢈᠦ᠂ ᠰᠠᠯᠪᠤᠷᠢ ᠬᠣᠭᠤᠷᠤᠨᠳᠤ ᠶ᠋ᠢᠨ ᠵᠣᢈᠢᠴᠠᠭᠤᠯᠤᠯᠲᠠ ᠶ᠋ᠢᠨ ᠬᠠᠮᠲᠤ ᠶ᠋ᠢᠨ ᠠᠵᠢᠯᠯᠠᠭ᠎ᠠ ᠶ᠋ᠢ ᠤᠶᠠᠯᠳᠤᠭᠤᠯᠬᠤ ᠳ᠋ᠤ ᠴᠢᠬᠤᠯᠠ ᠠᠴᠢ ᠬᠣᠯᠪᠤᠭᠳᠠᠯ ᠲᠠᠢ ᠪᠣᠯᠵᠤ ᠥᠨᠳᠦᠷᠯᠡᠯ᠎ᠡ᠃