“ᠮᠣᠩᠭᠤᠯ ᠤ᠋ᠨ ᠮᠡᠳᠡᢉᠡᠯᠡᠯ ᠦ᠋ᠨ ᠲᠧᠻᠨᠤᠯᠤᢉᠢ-᠒᠐᠒᠕” ᠡᠷᠳᠡᠮ ᠰᠢᠨᠵᠢᠯᠡᢉᠡᠨ ᠦ᠋ ᠑᠒ ᠳᠠᢈᠢ ᠤᠳᠠᠭᠠ ᠶ᠋ᠢᠨ ᠬᠤᠷᠠᠯ ᠢ᠋ ᠮᠤᠰᠢ-ᠡᠶᠢᠨ ᠮᠡᠳᠡᢉᠡᠯᠡᠯ ᠲᠧᠻᠨᠣᠯᠣᢉᠢ᠂ ᠡᠯᠧᠻᠲ᠋ᠷᠤᠨᠢᠻ ᠤ᠋ᠨ ᠰᠤᠷᠭᠠᠭᠤᠯᠢ “ᢈᠢᠮᠡᠯ ᠣᠶᠤᠨ” ᠰᠡᠳᠦᠪ ᠢ᠋ᠶᠡᠷ ᠒᠐᠒᠕ ᠣᠨ ᠤ᠋ ᠐᠕ ᠳ᠋ᠤᠭᠠᠷ ᠰᠠᠷᠠ ᠶ᠋ᠢᠨ ᠒᠓-ᠨ ᠤ᠋ ᠡᠳᠦᠷ ᠮᠣᠩᠰᠤ-ᠡᠶᠢᠨ ᠲᠥᠪ ᠨᠣᠮ ᠤ᠋ᠨ ᠰᠠᠩ ᠤ᠋ᠨ ᠪᠠᠶᠢᠷᠢᠨ ᠳ᠋ᠤ ᠵᠣᢈᠢᠶᠠᠨ ᠪᠠᠶᠢᠭᠤᠯᠤᠯᠠ᠃ ᠬᠤᠷᠠᠯ ᠤ᠋ᠨ ᢈᠦᠷᠢᠶ ᠡᠨ ᠳ᠋ᠦ “ᢈᠢᠮᠡᠯ ᠣᠶᠤᠨ”᠂ᠹ᠂ “ᠻᠢᠪᠧᠷ ᠠᠶᠤᠯ ᠦᢉᠡᠢ ᠪᠠᠶᠢᠳᠠᠯ”᠂ᠤ᠂ ᠹ᠂᠂ “ᠳᠢᠵᠢᠲ᠋ᠠᠯ ᠻᠣᠨᠸᠧᠷᠵᠢᠨᠰ”᠂ᠹ᠂ “ᠬᠣᠯᠪᠤᠭᠠ ᠬᠠᠷᠢᠯᠴᠠᠭᠠ᠂ ᠰᠦᠯᠵᠢᠶᠡ”᠂ᠹ᠂ “ᠲᠣᠭᠠᠴᠠᠭᠠᠯᠠᠯ᠂ ᠮᠡᠳᠡᢉᠡᠯᠡᠯ ᠦ᠋ᠨ ᠲᠧᠻᠨᠤᠯᠤᢉᠢ ᠶ᠋ᠢᠨ ᢈᠡᠷᠡᢉᠯᠡᢉᠡ”᠂ᠹ᠂ “ᠡᢈᠡ ᢈᠡᠯᠡ ᠪᠣᠯᠪᠠᠰᠤᠷᠠᠭᠤᠯᠤᠯᠲᠠ”᠂ᠹ᠂ “ᠻᠣᠮᠫᠢᠶᠦᠲ᠋ᠧᠷ ᠦ᠋ᠨ ᠬᠠᠷᠠᠭᠠ”᠂ᠹ᠂ “ᠳᠣᢈᠢᠶᠠ ᠪᠣᠯᠪᠠᠰᠤᠷᠠᠭᠤᠯᠤᠯᠲᠠ᠂ ᠠᠦᠲ᠋ᠤᠮᠠᠵᠢᠭᠤᠯᠤᠯᠲᠠ” ᢉᠡᠰᠡᠨ ᠰᠠᠯᠪᠤᠷᠢ ᠬᠤᠷᠠᠯᠳᠤᠭᠠ ᠨᠤᠭᠤᠳ ᠪᠣᠯᠪᠠ᠃ ᠬᠤᠷᠠᠯ ᠳ᠋ᠤ ᠱᠤᠤ᠂ ᠱᠤᠲᠢᠰ᠂ ᠮᠣ᠂ᠤ᠂ᠶᠡ᠂ᠰᠤ᠂᠂ ᠮᠦᠪᠢᠰ᠂ ᠠᠰᠢᠫᠦᠰ᠂ ᠰᠡᠽᠢᠰ᠂ ᠬᠠᠶᠢᠭᠠᠰᠤ᠂ ᠳ᠋ᠢᠰ᠂ ᠦᠪᢈᠢᠰ᠂ ᢈᠦᠷᠢᠶᠡ ᠮᠢᠲᠦᠳᠡᠰᠦ᠂ ᠨᠡᠰᠲ ᠡᠳᠦᠻᠡᠶᠢᠰᠢᠨ ᠠᠶᠢᠲᠤ ᠰᠤᠷᠭᠠᠭᠤᠯᠢ᠂ ᠣᠲᠬᠠᠨᠲᠩᠷᠢ ᠶᠡᢈᠡ ᠰᠤᠷᠭᠠᠭᠤᠯᠢ᠂ ᠤᠯᠤᠰ ᠤ᠋ᠨ ᠶᠡᢈᠡ ᠬᠤᠷᠠᠯ ᠤ᠋ᠨ ᠲᠠᠮᠠᠭᠠ ᠶ᠋ᠢᠨ ᠭᠠᠵᠠᠷ᠂ ᢈᠢᠯᠢ ᠬᠠᠮᠠᠭᠠᠯᠠᠬᠤ ᠶᠡᠷᠦᠩᢈᠡᠢ ᠭᠠᠵᠠᠷ ᠵᠡᠷᢉᠡ ᠳᠣᠲᠤᠭᠠᠳᠤ ᠶ᠋ᠢᠨ ᠶᠡᢈᠡ ᠰᠤᠷᠭᠠᠭᠤᠯᠢ᠂ ᠲᠥᠷᠦ ᠶ᠋ᠢᠨ ᠪᠠᠶᠢᠭᠤᠯᠤᠯᠭᠠ᠂ ᠡᠷᠳᠡᠮ ᠰᠢᠨᠵᠢᠯᠡᢉᠡᠨ ᠦ᠋ ᠪᠠᠶᠢᠭᠤᠯᠤᠯᠭᠠ ᠨᠤᠭᠤᠳ᠂ ᠮᠥᠨ ᠪᠨᠰᠤ- ᠤ᠋ᠨ ᠻᠸᠠᠨ᠋ᠾᠣᠨ᠋ ᠶᠡᢈᠡ ᠰᠤᠷᠭᠠᠭᠤᠯᠢ᠂ ᠰᠠᠩᠭᠤᠮᠶᠤᠨ ᠶᠡᢈᠡ ᠰᠤᠷᠭᠠᠭᠤᠯᠢ᠂ ᠶᠠᠫᠣᠨ᠋ ᠤᠯᠤᠰ ᠤ᠋ᠨ ᠰᠢᠪᠡᢉᠦᠷᠠ ᠲᠧᠻᠨᠣᠯᠣᢉᠢ ᠶ᠋ᠢᠨ ᠶᠡᢈᠡ ᠰᠤᠷᠭᠠᠭᠤᠯᠢ᠂ ᠻᠦᠮᠠᠮᠣᠲ᠋ᠣ᠋ ᠶᠡᢈᠡ ᠰᠤᠷᠭᠠᠭᠤᠯᠢ᠂ ᠷᠢᠴᠦᠮᠡᠶᠢᠻᠠᠨ᠋ ᠶᠡᢈᠡ ᠰᠤᠷᠭᠠᠭᠤᠯᠢ ᠶ᠋ᠢᠨ ᠫᠷᠣᠹᠧᠰᠰᠣᠷ᠂ ᠰᠤᠳᠤᠯᠤᠭᠠᠴᠢᠳ ᠣᠷᠤᠯᠴᠠᠵᠤ ᠨᠡᠶᠢᠲᠡ ᠔᠕ ᠠᠮᠠᠨ ᠢᠯᠡᠳᢈᠡᠯ᠂ ᠓᠔ ᠦᠵᠡᢉᠦᠯᠦᠨ ᠢᠯᠡᠳᢈᠡᠯ ᠢ᠋ᠶᠡᠷ ᠰᠤᠳᠤᠯᠭᠠᠨ ᠤ᠋ ᠦᠷᠡ ᠳ᠋ᠦᠩ ᠢ᠋ᠶᠡᠨ ᢈᠡᠯᠡᠯᠴᠡᢉᠦᠯᠦᠯᠡ᠃
ᠶᠡᢈᠡ ᠥᢉᢉᠦᢉᠳᠡᠯ᠂ ᢈᠢᠮᠡᠯ ᠣᠶᠤᠨ ᠤ᠋ ᠴᠢᢉᠯᠡᠯ ᠢ᠋ᠶᠡᠷ ᠮᠣᠩᠭᠣᠯ ᠤᠯᠤᠰ ᠠ᠋ᠴᠠ ᠲᠥᠷᠦ ᠶ᠋ᠢᠨ ᠪᠣᠳᠤᠯᠭᠠ ᠪᠠᠨ ᠲᠣᠳᠤᠷᠬᠠᠶᠢᠯᠠᠬᠤ᠂ ᢈᠥᢉᠵᠢᠯ ᠦ᠋ᠨ ᠰᠲ᠋ᠷᠠᠲ᠋ᠧᢉᠢ ᠲᠥᠯᠦᠪᠯᠡᢉᠡ ᠭᠠᠷᠬᠠᠬᠤ ᠪᠠᠷ ᠠᠵᠢᠯᠯᠠᠵᠤ ᠪᠠᠶᠢᠭᠠ ᠪᠥᢉᠡᠳ ᠴᠡᢈᠢᢈᠡᠶᠠ-ᠨᠢ ᠢᠨ᠋ ᠨ᠋ᠣᠸᠠᠼ ᠤ᠋ᠨ ᠪᠣᠳᠤᠯᠭᠠ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭᠠ ᠫ᠂ ᠮᠥᠩᢈᠡᠪᠠᠲᠤ ᠶᠡᢈᠡ ᠥᢉᢉᠦᢉᠳᠡᠯ᠂ ᢈᠢᠮᠡᠯ ᠣᠶᠤᠨ ᠤ᠋ ᠦᠨᠳᠦᠰᠦᠨ ᠦ᠋ ᠰᠲ᠋ᠷᠠᠲ᠋ᠧᢉᠢ ᠶ᠋ᠢᠨ ᠲᠥᠰᠦᠯ ᠢ᠋ᠶᠡᠨ ᠲᠠᠨᠢᠯᠴᠠᠭᠤᠯᠤᠭᠰᠠᠨ ᠶᠤᠮ᠃ ᠡᠨᠡ ᢈᠦ ᠡᠷᠳᠡᠮ ᠰᠢᠨᠵᠢᠯᠡᢉᠡᠨ ᠦ᠋ ᠬᠤᠷᠠᠯ ᠢ᠋ᠶᠠᠷ ᠵᠢᠯ ᠪᠦᠷᠢ ᠰᠢᠯᠢᠳᠡᢉ ᠢᠯᠡᠳᢈᠡᠯ ᠢ᠋ ᠰᠢᠯᠭᠠᠷᠠᠭᠤᠯᠵᠤ᠂ ᢈᠾᠵᠠᠬᠠ-ᠨ ᠤ᠋ ᠨᠡᠷᠡᠮᠵᠢᠲᠦ “ᠰᠢᠯᠢᠳᠡᢉ ᠰᠤᠳᠤᠯᠤᠭᠠᠴᠢ” ᠴᠣᠮᠤ᠂ ᠮᠥᠩᢉᠦᠨ ᠱᠠᠩᠨᠠᠯ ᠢ᠋ᠶᠠᠷ ᠱᠠᠩᠨᠠᠳᠠᠭ ᠤᠯᠠᠮᠵᠢᠯᠠᠯ ᠲᠠᠢ᠃ ᠡᠨᠡ ᠤᠳᠠᠭᠠ ᠶ᠋ᠢᠨ ᠮᠮᠲᠤ ᠒᠐᠒᠕ ᠬᠤᠷᠠᠯ ᠤ᠋ᠨ “ᠰᠢᠯᠢᠳᠡᢉ ᠰᠤᠳᠤᠯᠤᠭᠠᠴᠢ”-ᠠᠷ ᠮᠤᠰᠢ-ᠡᠶᠢᠨ ᠮᠡᠳᠡᢉᠡᠯᠡᠯ ᠲᠧᠻᠨᠣᠯᠣᢉᠢ᠂ ᠡᠯᠧᠻᠲ᠋ᠷᠤᠨᠢᠻ ᠤ᠋ᠨ ᠰᠤᠷᠭᠠᠭᠤᠯᠢ ᠶ᠋ᠢᠨ ᠠᠬᠠᠯᠠᠬᠤ ᠪᠠᠭᠰᠢ ᠳ᠋ᠣᠻᠲ᠋ᠤᠷ (Ph᠃ D) ᠳᠡᠳ ᠫᠷᠤᠹᠧᠰᠰᠤᠷ ᠫ᠂ᠳᠠᠯᠠᠶᠵᠢᠷᠭᠠᠯ᠂ ᠭ᠂ ᠭᠠᠩᠲᠤᠯᠭᠠ ᠨᠠᠷᠠ “ᠥᠰᠦᠨ ᠨᠡᠮᠡᢉᠳᠡᢈᠦ ᠰᠲ᠋ᠠᠾᠠᠰᠲ᠋ᠢᠭ ᠪᠯᠤᠻ ᠵᠠᠭᠪᠤᠷ” ᠰᠡᠳᠦᠪᠲᠦ ᠢᠯᠡᠳᢈᠡᠯ ᠢ᠋ᠶᠡᠷ ᠰᠢᠯᠭᠠᠷᠠᠯᠠ᠃ “ᠮᠮᠲᠦ ᠒᠐᠒᠕” ᠬᠤᠷᠠᠯ ᠨᠢ ᠮᠡᠳᠡᢉᠡᠯᠡᠯ ᠦ᠋ᠨ ᠲᠧᠻᠨᠣᠯᠣᢉᠢ ᠶ᠋ᠢᠨ ᠴᠢᢉᠯᠡᠯ ᠢ᠋ᠶᠡᠷ ᠰᠤᠷᠭᠠᠯᠲᠠ᠂ ᠰᠤᠳᠤᠯᠭᠠᠨ ᠤ᠋ ᠦᠢᠯᠡ ᠠᠵᠢᠯᠯᠠᠭᠠ ᠶᠠᠪᠤᠭᠤᠯᠵᠤ ᠪᠤᠢ ᠰᠤᠷᠭᠠᠭᠤᠯᠢ᠂ ᠪᠠᠶᠢᠭᠤᠯᠤᠯᠭᠠ ᠨᠤᠭᠤᠳ ᠤ᠋ᠨ ᠡᠷᠳᠡᠮᠲᠡᠨ᠂ ᠰᠤᠳᠤᠯᠤᠭᠠᠴᠢ᠂ ᠰᠠᠯᠪᠤᠷᠢ ᠶ᠋ᠢᠨ ᠠᠵᠢᠯᠲᠠᠨ ᠨᠤᠭᠤᠳ ᠤ᠋ᠨ ᠰᠤᠳᠤᠯᠭᠠᠨ ᠤ᠋ ᠦᠷᠡ ᠳ᠋ᠦᠩ ᠢ᠋ᠶᠡᠨ ᢈᠡᠯᠡᠯᠴᠡᢉᠦᠯᠦᢉᠰᠡᠨ᠂ ᠰᠠᠨᠠᠯ ᠪᠣᠳᠤᠯ ᠢ᠋ᠶᠠᠨ ᠰᠣᠯᠢᠯᠴᠠᠭᠰᠠᠨ᠂ ᠮᠡᠳᠡᠯᢉᠡ ᠲᠦᢉᠡᢉᠡᢉᠰᠡᠨ ᠴᠢᠬᠤᠯᠠ ᠠᠴᠢ ᠬᠣᠯᠪᠤᠭᠳᠠᠯ ᠲᠠᠢ ᠠᠷᠭᠠ ᢈᠡᠮᠵᠢᠶᠡ ᠪᠣᠯᠪᠠ᠃