ᠥᠰᠪᠦᠷᠢ ᠨᠠᠰᠤᠨ ᠤ᠋ ᢈᠡᠦᢈᠡᠳ ᠦ᠋ᠳ ᠦ᠋ᠨ ᠣᠯᠠᠨ ᠤᠯᠤᠰ ᠤ᠋ᠨ ᠵᠠᢈᠢᠳᠠᠯ ᠪᠢᠴᠢᢉ ᠦ᠋ᠨ ᠤᠷᠤᠯᠳᠤᠭᠠᠨ ᠤ᠋ ᠱᠠᠩᠨᠠᠯᠲᠠᠨ ᠨᠤᠭᠤᠳ ᠲᠣᠳᠤᠷᠠᠯ ᠢ᠋ᠶᠠᠨ

“ᠥᠪᠡᠷ ᠢ᠋ ᠪᠡᠨ ᠳᠠᠯᠠᠢ ᢉᠡᠵᠦ ᠲᠥᠰᠦᢉᠡᠯᠡᠪᠡᠯ ᠶᠠᠭᠠᢈᠢᠭᠠᠳ ᠴᠢᠮᠠᠶᠢ ᠬᠠᠶᠢᠷᠠᠯᠠᠨ ᠬᠠᠮᠠᠭᠠᠯᠠᠬᠤ ᢈᠡᠷᠡᢉᠲᠡᠢ ᠲᠠᠯᠠᠭᠠᠷ ᠪᠢᠴᠢᢉᠡᠷᠡᠢ” ᠣᠯᠠᠨ ᠤᠯᠤᠰ ᠤ᠋ᠨ ᠵᠠᢈᠢᠳᠠᠯ ᠪᠢᠴᠢᠯᢉᠡ ᠶ᠋ᠢᠨ ᠤᠷᠤᠯᠳᠤᠭᠠᠨ ᠢ᠋ ᠙ ᠳ᠋ᠡᢈᠢ ᠵᠢᠯ ᠳ᠋ᠦ ᠪᠡᠨ ᠮᠣᠩᠭᠣᠯ ᠰᠢᠤᠳᠠᠨ ᢈᠢ-ᠲᠠᠢ ᠬᠠᠮᠲᠤᠷᠠᠨ ᠵᠣᢈᠢᠶᠠᠨ ᠪᠠᠶᠢᠭᠤᠯᠵᠤ ᠰᠢᠯᠢᠳᠡᢉ ᠦ᠋ᠳ ᠢ᠋ᠶᠡᠨ ᠲᠣᠳᠤᠷᠠᠭᠤᠯᠤᠯ᠎ᠠ᠃

ᠳᠡᠯᠡᢈᠡᠢ ᠶ᠋ᠢᠨ ᠰᠢᠤᠳᠠᠨ ᠬᠣᠯᠪᠤᠭᠠᠨ ᠠ᠋ᠴᠠ ᠕᠔ ᠳ᠋ᠡᢈᠢ ᠤᠳᠠᠭ᠎ᠠ ᠪᠠᠨ ᠵᠠᠷᠯᠠᠭᠰᠠᠨ “ᠥᠪᠡᠷ ᠢ᠋ ᠪᠡᠨ ᠳᠠᠯᠠᠢ ᢉᠡᠵᠦ ᠲᠥᠰᠦᢉᠡᠯᠡᠪᠡᠯ ᠶᠠᠭᠠᢈᠢᠭᠠᠳ ᠴᠢᠮᠠᠶᠢ ᠬᠠᠶᠢᠷᠠᠯᠠᠨ ᠬᠠᠮᠠᠭᠠᠯᠠᠬᠤ ᢈᠡᠷᠡᢉᠲᠡᠢ ᠲᠠᠯᠠᠭᠠᠷ ᠪᠢᠴᠢᢉᠡᠷᠡᠢ” ᠥᠰᠪᠦᠷᠢ ᠨᠠᠰᠤᠨ ᠤ᠋ ᢈᠡᠦᢈᠡᠳ ᠦ᠋ᠳ ᠦ᠋ᠨ ᠣᠯᠠᠨ ᠤᠯᠤᠰ ᠤ᠋ᠨ ᠵᠠᢈᠢᠳᠠᠯ ᠪᠢᠴᠢᠯᢉᠡ ᠶ᠋ᠢᠨ ᠤᠷᠤᠯᠳᠤᠭᠠᠨ ᠢ᠋ ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠮᠣᠩᠭᠣᠯ ᠤᠯᠤᠰ ᠤ᠋ᠨ ᢈᠡᠮᠵᠢᠶ ᠡᠨ ᠳ᠋ᠦ ᠙ ᠳ᠋ᠡᢈᠢ ᠵᠢᠯ ᠳ᠋ᠦ ᠪᠡᠨ ᠮᠣᠩᠭᠣᠯ ᠰᠢᠤᠳᠠᠨ ᢈᠢ-ᠲᠠᠢ ᠬᠠᠮᠲᠤᠷᠠᠨ ᠵᠣᢈᠢᠶᠠᠨ ᠪᠠᠶᠢᠭᠤᠯᠵᠤ ᠰᠢᠯᠢᠳᠡᢉ ᠦ᠋ᠳ ᠢ᠋ᠶᠡᠨ ᠲᠣᠳᠤᠷᠠᠭᠤᠯᠤᠯ᠎ᠠ᠃ ᠵᠠᢈᠢᠳᠠᠯ ᠪᠢᠴᠢᠯᢉᠡ ᠶ᠋ᠢᠨ ᠤᠷᠤᠯᠳᠤᠭᠠᠨ ᠒᠐᠒᠕ ᠣᠨ ᠤ᠋ ᠑-ᠷ ᠰᠠᠷ᠎ᠠ ᠶ᠋ᠢᠨ ᠒᠙-ᠨᠢ ᠡᠳᠦᠷ ᠡᠴᠡ ᠓-ᠷ ᠰᠠᠷ᠎ᠠ ᠶ᠋ᠢᠨ ᠑᠕-ᠨ ᠤ᠋ ᠬᠣᠭᠤᠷᠤᠨᠳᠤ ᠣᠷᠤᠨ ᠳᠠᠶᠠᠭᠠᠷ ᠵᠠᠷᠯᠠᠭᠳᠠᠵᠤ᠂ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠨᠡᠶᠢᠲᠡ ᠗᠐᠐ ᠭᠠᠷᠤᠢ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠒᠕᠐᠐ ᠣᠷᠴᠢᠮ ᢈᠡᠦᢈᠡᠳ ᠦ᠋ᠳ ᠵᠠᢈᠢᠳᠠᠯ ᠪᠢᠴᠢᠵᠦ ᠢᠷᠡᢉᠦᠯᠵᠡᠢ᠃

ᢈᠡᠳᠦᠢ ᠪᠡᠷ ᠮᠣᠩᠭᠣᠯ ᠤᠯᠤᠰ ᠲᠤ ᠳᠠᠯᠠᠢ ᠲᠡᠩᢉᠢᠰ ᠪᠠᠶᠢᠬᠤ ᠦᢉᠡᠢ ᠴᠤ ᠵᠠᢈᠢᠳᠠᠯ ᠪᠢᠴᠢᠯᢉᠡ ᠶ᠋ᠢᠨ ᠤᠷᠤᠯᠳᠤᠭᠠᠨ ᠳ᠋ᠤ ᠪᠦᠲᠦᢉᠡᠯ ᠢ᠋ᠶᠡᠨ ᠢᠷᠡᢉᠦᠯᠦᢉᠰᠡᠨ ᠰᠤᠷᠤᠭᠴᠢᠳ ᠳᠡᠯᠡᢈᠡᠢ ᠶ᠋ᠢᠨ ᠭᠠᠳᠠᠷᠭᠤ ᠶ᠋ᠢᠨ ᠗᠑%-ᠡᠢ ᠶ᠋ᠢ ᠡᠵᠡᠯᠡᠳᠡᢉ ᠲᠡᠩᢉᠢᠰ ᠳᠠᠯᠠᠢ ᠶ᠋ᠢ ᠪᠢᠳᠡ ᠶᠠᠭᠠᢈᠢᠭᠠᠳ ᠬᠠᠶᠢᠷᠠᠯᠠᠨ ᠬᠠᠮᠠᠭᠠᠯᠠᠬᠤ ᠶᠣᠰᠤᠲᠠᠢ ᠲᠠᠯᠠᠭᠠᠷ ᠥᠪᠡᠷ ᠥᠪᠡᠷᠰᠡᠳ ᠦ᠋ᠨ ᠥᠨᠴᠦᢉ ᠡᠴᠡ ᠲᠤᠩ ᠰᠣᠨᠢᠷᠬᠠᠯᠲᠠᠢ ᠪᠠᠷ ᠪᠢᠴᠢᢉᠰᠡᠨ ᠪᠠᠶᠢᠯ᠎ᠠ᠃

ᢈᠡᠳᠦᠢ ᠪᠡᠷ ᠮᠣᠩᠭᠣᠯ ᠤᠯᠤᠰ ᠲᠤ ᠳᠠᠯᠠᠢ ᠲᠡᠩᢉᠢᠰ ᠪᠠᠶᠢᠬᠤ ᠦᢉᠡᠢ ᠴᠤ ᠵᠠᢈᠢᠳᠠᠯ ᠪᠢᠴᠢᠯᢉᠡ ᠶ᠋ᠢᠨ ᠤᠷᠤᠯᠳᠤᠭᠠᠨ ᠳ᠋ᠤ ᠪᠦᠲᠦᢉᠡᠯ ᠢ᠋ᠶᠡᠨ ᠢᠷᠡᢉᠦᠯᠦᢉᠰᠡᠨ ᠰᠤᠷᠤᠭᠴᠢᠳ ᠳᠡᠯᠡᢈᠡᠢ ᠶ᠋ᠢᠨ ᠭᠠᠳᠠᠷᠭᠤ ᠶ᠋ᠢᠨ ᠗᠑%-ᠡᠢ ᠶ᠋ᠢ ᠡᠵᠡᠯᠡᠳᠡᢉ ᠲᠡᠩᢉᠢᠰ ᠳᠠᠯᠠᠢ ᠶ᠋ᠢ ᠪᠢᠳᠡ ᠶᠠᠭᠠᢈᠢᠭᠠᠳ ᠬᠠᠶᠢᠷᠠᠯᠠᠨ ᠬᠠᠮᠠᠭᠠᠯᠠᠬᠤ ᠶᠣᠰᠤᠲᠠᠢ ᠲᠠᠯᠠᠭᠠᠷ ᠥᠪᠡᠷ ᠥᠪᠡᠷᠰᠡᠳ ᠦ᠋ᠨ ᠥᠨᠴᠦᢉ ᠡᠴᠡ ᠲᠤᠩ ᠰᠣᠨᠢᠷᠬᠠᠯᠲᠠᠢ ᠪᠠᠷ ᠪᠢᠴᠢᢉᠰᠡᠨ ᠪᠠᠶᠢᠯ᠎ᠠ᠃

ᠰᠢᠤᠳᠠᠨ ᠤ᠋ ᠬᠠᠶ᠋ᠢᠭ ᠢ᠋ ᢈᠡᠷᢈᠢᠨ ᠵᠥᠪ ᠪᠢᠴᠢᢈᠦ ᠲᠤᠬᠠᠢ ᠤᠷᠤᠯᠳᠤᠭᠠᠨ ᠤ᠋ ᠵᠢᠷᠤᠭᠲᠤ ᠬᠠᠭᠤᠳᠠᠰᠤ ᠳ᠋ᠤ ᢈᠦᠷᢈᠡᢉᠦᠯᠦᢉᠰᠡᠨ ᠮᠡᠳᠡᢉᠡᠯᠡᠯ ᠳ᠋ᠦ ᠲᠣᠳᠤᠷᠬᠠᠢ ᠵᠢᠭᠠᠵᠤ ᠥᢉᢉᠦᢉᠰᠡᠨ ᠪᠥᢉᠡᠳ ᠰᠢᠤᠳᠠᠨ ᠤ᠋ ᠬᠠᠶ᠋ᠢᠭ ᠢ᠋ᠶᠠᠨ ᠵᠥᠪ ᠪᠢᠴᠢᢉᠰᠡᠨ ᠵᠠᢈᠢᠳᠠᠯ ᠤ᠋ᠳ ᠠ᠋ᠴᠠ ᠡᢈᠢᠨ ᠦ᠋ ᠱᠠᠲᠤᠨ ᠤ᠋ ᠰᠢᠯᠭᠠᠷᠠᠭᠤᠯᠤᠯᠲᠠ ᠶ᠋ᠢ ᢈᠢᠵᠦ ᠒᠕᠐᠐ ᠵᠠᢈᠢᠳᠠᠯ ᠠ᠋ᠴᠠ ᠰᠢᢉᠦᢉᠴᠢᠳ ᠦ᠋ᠨ ᠪᠦᠷᠢᠯᠳᠦᢈᠦᠨ ᠵᠠᢈᠢᠳᠠᠯ ᠤ᠋ᠨ ᠪᠦᠲᠦᠴᠡ᠂ ᠨᠠᠶᠢᠷᠠᠭᠤᠯᠭ᠎ᠠ᠂ ᠰᠡᠳᠦᠪ ᠠᠭᠤᠯᠭ᠎ᠠ ᠶ᠋ᠢᠨ ᠰᠤᠳᠤᠯᠭ᠎ᠠ᠂ ᠠᠰᠠᠭᠤᠳᠠᠯ ᠢ᠋ ᠲᠣᠳᠤᠷᠬᠠᠶᠢᠯᠠᠭᠰᠠᠨ ᠪᠠᠶᠢᠳᠠᠯ᠂ ᢈᠡᠷᠡᢉᠵᠢᢈᠦ ᠪᠣᠯᠤᠮᠵᠢ ᠰᠢᠢᠳᠦᠯ᠂ ᢈᠢᠮᠡᠯ ᠣᠶᠤᠨ ᠤᠬᠠᠭᠠᠨ ᠪᠣᠯᠤᠨ ᠪᠤᠰᠤᠳ ᠡᢈᠡ ᠰᠤᠷᠪᠤᠯᠵᠢ ᠠ᠋ᠴᠠ ᠬᠠᠭᠤᠯᠤᠭᠰᠠᠨ ᠡᠰᠡᢈᠦ ᠳ᠋ᠦ ᠰᠢᢉᠦᠯᠲᠡ ᢈᠢᠨ :ᠰᠢᠯᠢᠳᠡᢉ ᠑᠕-ᠳ ᠳᠠᠷᠠᠭᠠᢈᠢ ᢈᠡᠦᢈᠡᠳ ᠦ᠋ᠳ ᠦ᠋ᠨ ᠵᠠᢈᠢᠳᠠᠯ ᠢ᠋ ᠰᠢᠯᠭᠠᠷᠠᠭᠤᠯᠤᠭᠰᠠᠨ ᠪᠠᠶᠢᠨ᠎ᠠ᠃ ᠡᢉᠦᠨ ᠳ᠋ᠦ:\n\nᠲᠡᠷᠢᢉᠦᠨ ᠪᠠᠶᠢᠷᠢᠨ ᠳ᠋ᠤ: \n\nᠡ‍᠂ᠡᠮᠦᠵᠢᠨ – ᠪᠤᠯᠠᠭᠠᠨ ᠠᠶᠢᠮᠠᠭ ᠪᠤᠯᠠᠭᠠᠨ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠙ᠪ ᠠᠩᢉᠢ ᠶ᠋ᠢᠨ ᠰᠤᠷᠤᠭᠴᠢ

ᠳᠡᠳ ᠪᠠᠶᠢᠷᠢᠨ ᠳ᠋ᠤ:\n\nᠳ᠋ᠠ᠂ ᠣᠮᠤᠨᢉᠡᢉᠡ – ᠨᠡᠶᠢᠰᠯᠡᠯ ᠦ᠋ᠨ ᠬᠠᠨ-ᠠᠭᠤᠯᠠ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠣᠷᠬᠤᠨ ᠬᠠᠰᠦ ᠰᠤᠷᠭᠠᠭᠤᠯᠢ ᠶ᠋ᠢᠨ ᠙ᠳᠡ ᠠᠩᢉᠢ ᠶ᠋ᠢᠨ ᠰᠤᠷᠤᠭᠴᠢ ᠴ‍᠂ᠴᠢᠩᢈᠦ᠋ᠰᠡᠯᠡᠩ – ᠨᠡᠶᠢᠰᠯᠡᠯ ᠦ᠋ᠨ ᠪᠠᠶᠠᠨᠵᠢᠷᠦᢈᠡ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠰᠢᠨ᠎ᠡ ᠮᠣᠩᠭᠣᠯ ᠰᠤᠷᠭᠠᠭᠤᠯᠢ ᠶ᠋ᠢᠨ ᠗-ᠷ ᠠᠩᢉᠢ ᠶ᠋ᠢᠨ ᠰᠤᠷᠤᠭᠴᠢ

ᠭᠤᠷᠪᠠᠳᠤᠭᠠᠷ ᠪᠠᠶᠢᠷᠢᠨ ᠳ᠋ᠤ: \n\nᢉ‍᠂ᠴᠡᠯᠮᠡᢉᠦᠨ - ᠨᠡᠶᠢᠰᠯᠡᠯ ᠦ᠋ᠨ ᠰᠣᠩᢉᠢᠨᠠᠬᠠᠶᠢᠷᠬᠠᠨ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠑᠒᠓-ᠷ ᠰᠤᠷᠭᠠᠭᠤᠯᠢ ᠶ᠋ᠢᠨ ᠑᠐ᠪ ᠠᠩᢉᠢ ᠶ᠋ᠢᠨ ᠰᠤᠷᠤᠭᠴᠢ ᠮᠠ‍᠂ ᠠᠨᠤᠵᠢᠨ - ᠨᠡᠶᠢᠰᠯᠡᠯ ᠦ᠋ᠨ ᠴᠢᠩᢉᠢᠯᠲᠡᠢ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠒᠓-ᠷ ᠰᠤᠷᠭᠠᠭᠤᠯᠢ ᠶ᠋ᠢᠨ ᠑᠐ᠠ ᠠᠩᢉᠢ ᠶ᠋ᠢᠨ ᠰᠤᠷᠤᠭᠴᠢ ᠮ‍᠂ ᠣᠶᠤᠨᢈᠡᠰᠢᢉ – ᠣᠷᠬᠤᠨ ᠠᠶᠢᠮᠠᠭ ᠤ᠋ᠨ ᠪᠠᠶᠠᠨ-ᠥᠨᠳᠦᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑᠕-ᠷ ᠰᠤᠷᠭᠠᠭᠤᠯᠢ ᠶ᠋ᠢᠨ ᠙ᠠ ᠠᠩᢉᠢ ᠶ᠋ᠢᠨ ᠰᠤᠷᠤᠭᠴᠢ

ᠳᠥᠷᠪᠡᠳᠦ᠋ᢉᠡᠷ ᠪᠠᠶᠢᠷᠢᠨ ᠳ᠋ᠤ: \n\nᠢ‍᠂ᠨᠠᠨᠳᠢᠨ-ᠡᠷᠳᠡᠨᠢ – ᠡᠮᠦᠨᠡᠭᠣᠪᠢ ᠠᠶᠢᠮᠠᠭ ᠤ᠋ᠨ ᠮᠠᠩᠯᠠᠢ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠙ᠪ ᠠᠩᢉᠢ ᠶ᠋ᠢᠨ ᠰᠤᠷᠤᠭᠴᠢ ᠰ‍᠂ᠪᠦᠵᠢᡀᠠᠮᠣ - ᠨᠡᠶᠢᠰᠯᠡᠯ ᠦ᠋ᠨ ᠪᠠᠶᠠᠨᠭᠣᠣᠯ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠣᠷᠬᠤᠨ ᠬᠠᠰᠦ ᠰᠤᠷᠭᠠᠭᠤᠯᠢ ᠶ᠋ᠢᠨ ᠘ᠪ ᠠᠩᢉᠢ ᠶ᠋ᠢᠨ ᠰᠤᠷᠤᠭᠴᠢ ᠳ᠋ᠠ‍᠂ᠡᠷᢈᠡᠰᠠᠷᠠᠨ – ᠥᠪᠦᠷᠬᠠᠩᠭᠠᠢ ᠠᠶᠢᠮᠠᠭ ᠤ᠋ᠨ ᠠᠷᠪᠠᠶᠢᢈᠡᢉᠡᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠘ᠪ ᠠᠩᢉᠢ ᠶ᠋ᠢᠨ ᠰᠤᠷᠤᠭᠴᠢ ᠠ‍᠂ᠰᠡᠯᠡᠩᢉᠡ - ᠨᠡᠶᠢᠰᠯᠡᠯ ᠦ᠋ᠨ ᠴᠢᠩᢉᠢᠯᠲᠡᠢ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠒᠔-ᠷ ᠰᠤᠷᠭᠠᠭᠤᠯᠢ ᠶ᠋ᠢᠨ ᠙ᢉ ᠠᠩᢉᠢ ᠶ᠋ᠢᠨ ᠰᠤᠷᠤᠭᠴᠢ

ᠲᠠᠪᠤᠳᠤᠭᠠᠷ ᠪᠠᠶᠢᠷᠢᠨ ᠳ᠋ᠤ: \n\nᠶᠦ‍᠂ ᠠᠷᠢᠭᠤᠨᠭᠣᠤ᠎ᠠ – ᠵᠠᠪᠬᠠᠨ ᠠᠶᠢᠮᠠᠭ ᠤ᠋ᠨ ᠠᠷᠪᠠᠶᠢᢈᠡᢉᠡᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠴᠢᠨᠳᠠᠮᠠᠨᠢ ᠡᠷᠳᠡᠨᠢ ᠰᠤᠷᠭᠠᠭᠤᠯᠢ ᠶ᠋ᠢᠨ ᠙ᢉ ᠠᠩᢉᠢ ᠶ᠋ᠢᠨ ᠰᠤᠷᠤᠭᠴᠢ ᠠ‍᠂ᠪᠣᠯᠤᠷᠲᠤᠩᠭᠠᠯᠠᠭ - ᠨᠡᠶᠢᠰᠯᠡᠯ ᠦ᠋ᠨ ᠨᠠᠯᠠᠶᠢᠬᠤ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠲᠡᠷᠡᠯᠵᠢ ᠪᠣᠭᠠᠷᠳᠢᠩ ᠰᠤᠷᠭᠠᠭᠤᠯᠢ ᠶ᠋ᠢᠨ ᠗-ᠷ ᠠᠩᢉᠢ ᠶ᠋ᠢᠨ ᠰᠤᠷᠤᠭᠴᠢ ᠰ‍᠂ᠠᠶᠢᠮᠥ᠋ᠯᠳᠢᠷ – ᠪᠠᠶᠠᠨ-ᠥᠯᠦᢉᠡᠢ ᠠᠶᠢᠮᠠᠭ ᠤ᠋ᠨ ᠶᠡᠷᠦᠩᢈᠡᠢ ᠪᠣᠯᠪᠠᠰᠤᠷᠠᠯ ᠤ᠋ᠨ ᠓-ᠷ ᠰᠤᠷᠭᠠᠭᠤᠯᠢ ᠶ᠋ᠢᠨ ᠘ᠪ ᠠᠩᢉᠢ ᠶ᠋ᠢᠨ ᠰᠤᠷᠤᠭᠴᠢ ᠲ‍᠂ ᠰᠠᠶᠢᠬᠠᠨᠪᠠᠶᠠᠷ – ᠰᠡᠯᠡᠩᢉᠡ ᠠᠶᠢᠮᠠᠭ ᠤ᠋ᠨ ᠰᠦᢈᠡᠪᠠᠭᠠᠲᠤᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠙ᠪ ᠠᠩᢉᠢ ᠶ᠋ᠢᠨ ᠰᠤᠷᠤᠭᠴᠢ ᠣ‍᠂ᠡᠩᢈᠡᠵᠢᠷᠭᠠᠯ – ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠑᠑᠖-ᠷ ᠰᠤᠷᠭᠠᠭᠤᠯᠢ ᠶ᠋ᠢᠨ ᠘ᠪ ᠠᠩᢉᠢ ᠶ᠋ᠢᠨ ᠰᠤᠷᠤᠭᠴᠢᠳ ᠲᠤᠰ ᠲᠤᠰ ᠰᠢᠯᠭᠠᠷᠠᠯ᠎ᠠ᠃

ᠰᠢᠯᠢᠳᠡᢉ ᠕ ᠪᠠᠭᠰᠢ ᠶ᠋ᠢ ᠵᠠᢈᠢᠳᠠᠯ ᠪᠢᠴᠢᠯᢉᠡ ᠶ᠋ᠢᠨ ᠤᠷᠤᠯᠳᠤᠭᠠᠨ ᠳ᠋ᠤ ᢈᠡᠦᢈᠡᠳ ᠦ᠋ᠳ ᠢ᠋ ᠢᠳᠡᠪᢈᠢᠲᠡᠢ ᠣᠷᠤᠯᠴᠠᠭᠤᠯᠤᠭᠰᠠᠨ ᠪᠠᠶᠢᠳᠠᠯ᠂ ᠤᠷᠤᠯᠳᠤᠭᠠᠨ ᠤ᠋ ᠰᠡᠳᠦᠪ᠂ ᠵᠣᠷᠢᠯᠭ᠎ᠠ ᠶ᠋ᠢ ᠰᠤᠷᠤᠭᠴᠢᠳ ᠲᠤ ᠪᠠᠨ ᠣᠶᠢᠯᠠᠭᠠᠭᠤᠯᠤᠭᠰᠠᠨ ᠪᠠᠶᠢᠳᠠᠯ᠂ ᠵᠠᢈᠢᠳᠠᠯ ᠤ᠋ᠨ ᠠᠭᠤᠯᠭ᠎ᠠ᠂ ᠨᠠᠶᠢᠷᠠᠭᠤᠯᠭ᠎ᠠ᠂ ᠬᠠᠶ᠋ᠢᠭᠵᠢᠯᠲᠠ ᠳ᠋ᠤ ᠵᠥᠪᠯᠡᢉᠡ ᠥᢉᢉᠦᢉᠰᠡᠨ ᠪᠠᠶᠢᠳᠠᠯ ᠢ᠋ ᠦᠨᠡᠯᠡᠨ ᠡᢈᠢᠨ ᠦ᠋ ᠒ ᠱᠠᠲᠤᠨ ᠤ᠋ ᠰᠢᠯᠭᠠᠷᠠᠭᠤᠯᠤᠯᠲᠠ ᠳ᠋ᠤ ᠲᠡᠩᠴᠡᢉᠰᠡᠨ ᠣᠷᠤᠯᠴᠠᠭᠴᠢᠳ ᠤ᠋ᠨ ᠲᠣᠭᠠᠨ ᠠ᠋ᠴᠠ ᠬᠠᠮᠢᠶᠠᠷᠤᠭᠤᠯᠵᠤ ᠳᠠᠷᠠᠭᠠᢈᠢ ᠕ ᠪᠠᠭᠰᠢ ᠶ᠋ᠢ ᠰᠢᠯᠭᠠᠷᠠᠭᠤᠯᠤᠭᠰᠠᠨ᠃

ᠡᢉᠦᠨ ᠳ᠋ᠦ: \n\n ᠑-ᠷ ᠪᠠᠶᠢᠷᠢ: ᠰ‍᠂ᠨᠠᠩᠰᠠᠯᠮ᠎ᠠ - ᠡᠮᠦᠨᠡᠭᠣᠪᠢ ᠠᠶᠢᠮᠠᠭ ᠤ᠋ᠨ ᠮᠠᠩᠯᠠᠢ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠪᠠᠭᠰᠢ /᠒-ᠷ ᠱᠠᠲᠤᠨ ᠤ᠋ ᠰᠢᠯᠭᠠᠷᠠᠭᠤᠯᠤᠯᠲᠠ ᠳ᠋ᠤ ᠑᠓᠓ ᠰᠤᠷᠤᠭᠴᠢ ᠶ᠋ᠢᠨ ᠵᠠᢈᠢᠳᠠᠯ ᠲᠡᠩᠴᠡᠵᠦ᠂ ᠰᠢᠯᠢᠳᠡᢉ ᠑᠕- ᠳ᠋ᠤ ᠑ ᠰᠤᠷᠤᠭᠴᠢ ᠰᠢᠯᠭᠠᠷᠠᠭᠰᠠᠨ/\n\n ᠒-ᠷ ᠪᠠᠶᠢᠷᠢ: ᠳ᠋ᠠ‍᠂ᠳᠠᠸᠠᠰᠦ᠋ᠷᠦᠩ- ᠨᠡᠶᠢᠰᠯᠡᠯ ᠦ᠋ᠨ ᠴᠢᠩᢉᠢᠯᠲᠡᠢ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠒᠔-ᠷ ᠰᠤᠷᠭᠠᠭᠤᠯᠢ ᠶ᠋ᠢᠨ ᠪᠠᠭᠰᠢ /᠒-ᠷ ᠱᠠᠲᠤᠨ ᠤ᠋ ᠰᠢᠯᠭᠠᠷᠠᠭᠤᠯᠤᠯᠲᠠ ᠳ᠋ᠤ ᠘᠓ ᠰᠤᠷᠤᠭᠴᠢ ᠶ᠋ᠢᠨ ᠵᠠᢈᠢᠳᠠᠯ ᠲᠡᠩᠴᠡᠵᠦ᠂ ᠰᠢᠯᠢᠳᠡᢉ ᠑᠕- ᠳ᠋ᠤ ᠑ ᠰᠤᠷᠤᠭᠴᠢ ᠰᠢᠯᠭᠠᠷᠠᠭᠰᠠᠨ/\n\n ᠓-ᠷ ᠪᠠᠶᠢᠷᠢ: ᠪ‍᠂ᠤᠷᠠᠨᠪᠢᠯᠢᢉ- ᠰᠡᠯᠡᠩᢉᠡ ᠠᠶᠢᠮᠠᠭ ᠤ᠋ᠨ ᠰᠦᢈᠡᠪᠠᠭᠠᠲᠤᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠪᠠᠭᠰᠢ /᠒-ᠷ ᠱᠠᠲᠤᠨ ᠤ᠋ ᠰᠢᠯᠭᠠᠷᠠᠭᠤᠯᠤᠯᠲᠠ ᠳ᠋ᠤ ᠗᠐ ᠰᠤᠷᠤᠭᠴᠢ ᠶ᠋ᠢᠨ ᠵᠠᢈᠢᠳᠠᠯ ᠲᠡᠩᠴᠡᠵᠦ᠂ ᠰᠢᠯᠢᠳᠡᢉ ᠑᠕- ᠳ᠋ᠤ ᠑ ᠰᠤᠷᠤᠭᠴᠢ ᠰᠢᠯᠭᠠᠷᠠᠭᠰᠠᠨ/ \n\n ᠔-ᠷ ᠪᠠᠶᠢᠷᠢ: ᠪ‍᠂ᠪᠠᠶᠢᠭᠠᠯᠮ᠎ᠠ- ᠣᠷᠬᠤᠨ ᠠᠶᠢᠮᠠᠭ ᠤ᠋ᠨ ᠪᠠᠶᠠᠨ-ᠥᠨᠳᠦᠷ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑᠕-ᠷ ᠰᠤᠷᠭᠠᠭᠤᠯᠢ ᠶ᠋ᠢᠨ ᠪᠠᠭᠰᠢ /᠒-ᠷ ᠱᠠᠲᠤᠨ ᠤ᠋ ᠰᠢᠯᠭᠠᠷᠠᠭᠤᠯᠤᠯᠲᠠ ᠳ᠋ᠤ ᠖᠓ ᠰᠤᠷᠤᠭᠴᠢ ᠶ᠋ᠢᠨ ᠵᠠᢈᠢᠳᠠᠯ ᠲᠡᠩᠴᠡᠵᠦ᠂ ᠰᠢᠯᠢᠳᠡᢉ ᠑᠕- ᠳ᠋ᠤ ᠑ ᠰᠤᠷᠤᠭᠴᠢ ᠰᠢᠯᠭᠠᠷᠠᠭᠰᠠᠨ/\n\n ᠕-ᠷ ᠪᠠᠶᠢᠷᠢ: ᠴᠠ‍᠂ᠪᠠᠶᠠᠷᠴᠡᠴᠡᢉ - ᠨᠡᠶᠢᠰᠯᠡᠯ ᠦ᠋ᠨ ᠨᠠᠯᠠᠶᠢᠬᠤ ᠳᠡᢉᠦᠷᢉᠡ ᠶ᠋ᠢᠨ ᠶᠡᠷᠦᠩᢈᠡᠢ ᠪᠣᠯᠪᠠᠰᠤᠷᠠᠯ ᠤ᠋ᠨ ᠲᠡᠷᠡᠯᠵᠢ ᠪᠣᠭᠠᠷᠳᠢᠩ ᠰᠤᠷᠭᠠᠭᠤᠯᠢ ᠶ᠋ᠢᠨ ᠪᠠᠭᠰᠢ /᠒-ᠷ ᠱᠠᠲᠤᠨ ᠤ᠋ ᠰᠢᠯᠭᠠᠷᠠᠭᠤᠯᠤᠯᠲᠠ ᠳ᠋ᠤ ᠕᠖ ᠰᠤᠷᠤᠭᠴᠢ ᠶ᠋ᠢᠨ ᠵᠠᢈᠢᠳᠠᠯ ᠲᠡᠩᠴᠡᠵᠦ᠂ ᠰᠢᠯᠢᠳᠡᢉ ᠑᠕- ᠳ᠋ᠤ ᠑ ᠰᠤᠷᠤᠭᠴᠢ ᠰᠢᠯᠭᠠᠷᠠᠭᠰᠠᠨ/\n\n \n\nᠡᠨᠡ ᠵᠢᠯ ᠦ᠋ᠨ ᠵᠠᢈᠢᠳᠠᠯ ᠪᠢᠴᠢᠯᢉᠡ ᠶ᠋ᠢᠨ ᠤᠷᠤᠯᠳᠤᠭᠠᠨ ᠤ᠋ ᠣᠨᠴᠠᠯᠢᠭ ᠤ᠋ᠳ ᠶᠠᠭᠤ ᠪᠠᠶᠢᠪᠠ? ᠑-ᠷᠲ᠋: ᠵᠠᢈᠢᠳᠠᠯ ᠪᠢᠴᠢᠯᢉᠡ ᠶ᠋ᠢᠨ ᠤᠷᠤᠯᠳᠤᠭᠠᠨ ᠳ᠋ᠤ ᠠᠩᠬ᠎ᠠ ᠤᠳᠠᠭ᠎ᠠ ᠪᠠᠨ ᠒᠑ ᠠᠶᠢᠮᠠᠭ ᠠ᠋ᠴᠠ ᠣᠷᠤᠯᠴᠠᠯ᠎ᠠ᠃ ᠪᠠᠶᠠᠨ-ᠥᠯᠦᢉᠡᠢ ᠠᠶᠢᠮᠠᠭ ᠠ᠋ᠴᠠ ᠡᠨᠡ ᠤᠳᠠᠭ᠎ᠠ ᠶ᠋ᠢᠨ ᠤᠷᠤᠯᠳᠤᠭᠠᠨ ᠳ᠋ᠤ ᠘ ᠵᠠᢈᠢᠳᠠᠯ ᠢᠷᠡᢉᠰᠡᠨ ᠡᠴᠡ ᠪᠠᠶᠠᠨ-ᠥᠯᠦᢉᠡᠢ ᠠᠶᠢᠮᠠᠭ ᠤ᠋ᠨ ᠶᠡᠷᠦᠩᢈᠡᠢ ᠪᠣᠯᠪᠠᠰᠤᠷᠠᠯ ᠤ᠋ᠨ ᠓-ᠷ ᠰᠤᠷᠭᠠᠭᠤᠯᠢ ᠶ᠋ᠢᠨ ᠘ᠪ ᠠᠩᢉᠢ ᠶ᠋ᠢᠨ ᠰᠤᠷᠤᠭᠴᠢ ᠰᠠ‍᠂ᠠᠶᠢᠮᠠᠯᠳᠢᠷ ᠤ᠋ᠨ ᠵᠠᢈᠢᠳᠠᠯ ᠰᠢᠯᠢᠳᠡᢉ ᠑᠕-ᠲ‍ ᠪᠠᠭᠲᠠᠯ᠎ᠠ᠃ ᠒-ᠷᠲ᠋: ᠦᠨᠳᠦᠰᠦᠨ ᠦ᠋ ᢈᠡᠯᠡ ᠪᠢᠴᠢᢉ᠂ ᠰᠣᠶᠤᠯ ᠢ᠋ ᠲᠦᢉᠡᢉᠡᠨ ᠳᠡᠯᢉᠡᠷᠡᢉᠦᠯᢈᠦ ᠵᠣᠷᠢᠯᠭ᠎ᠠ ᠶ᠋ᠢᠨ ᢈᠦᠷᠢᠶ ᠡᠨ ᠳ᠋ᠦ ᠒-ᠷ ᠱᠠᠲᠤᠨ ᠳ᠋ᠤ ᠰᠢᠯᠭᠠᠷᠠᠭᠰᠠᠨ ᠵᠠᢈᠢᠳᠠᠯ ᠤ᠋ᠳ ᠤ᠋ᠨ ᠓᠐% ᠨᠢ ᠮᠣᠩᠭᠣᠯ ᠪᠢᠴᠢᢉ ᠢ᠋ᠶᠡᠷ ᠪᠢᠴᠢᢉᠳᠡᢉᠰᠡᠨ᠃ ᠓-ᠷᠲ᠋: ᠡᠨᠡ ᠤᠳᠠᠭ᠎ᠠ ᠶ᠋ᠢᠨ ᠵᠠᢈᠢᠳᠠᠯ ᠪᠢᠴᠢᠯᢉᠡ ᠶ᠋ᠢᠨ ᠤᠷᠤᠯᠳᠤᠭᠠᠨ ᠳ᠋ᠤ ᠠᠩᠬ᠎ᠠ ᠤᠳᠠᠭ᠎ᠠ ᠪᠠᠨ ᠲᠤᠰᠬᠠᠢ ᢈᠡᠷᠡᢉᠴᠡᢉᠡᠲᠦ ᢈᠡᠦᢈᠡᠳ ᠦ᠋ᠳ ᠪᠷᠠᠶᠢᠯ ᠪᠢᠴᠢᢉ ᠢ᠋ᠶᠡᠷ ᠥᢉᢉᠦᢉᠰᠡᠨ ᠠᠭᠤᠯᠭ᠎ᠠ ᠶ᠋ᠢᠨ ᢈᠦᠷᠢᠶ ᠡᠨ ᠳ᠋ᠦ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠑᠑᠖-ᠷ ᠰᠤᠷᠭᠠᠭᠤᠯᠢ ᠶ᠋ᠢᠨ ᠘ᠪ ᠠᠩᢉᠢ ᠶ᠋ᠢᠨ ᠰᠤᠷᠤᠭᠴᠢ ᠣ‍᠂ᠡᠩᢈᠡᠵᠢᠷᠭᠠᠯ ᠤ᠋ᠨ ᠵᠠᢈᠢᠳᠠᠯ ᠰᠢᠯᠢᠳᠡᢉ ᠑᠕- ᠳ᠋ᠤ ᠪᠠᠭᠲᠠᠭᠰᠠᠨ ᠶᠤᠮ᠃

ᠡᠶᠢᠨ ᢈᠦ ᠵᠢᠯ ᠪᠦᠷᠢ ᠤᠯᠠᠮᠵᠢᠯᠠᠯ ᠪᠣᠯᠭᠠᠨ ᠵᠣᢈᠢᠶᠠᠨ ᠪᠠᠶᠢᠭᠤᠯᠤᠭᠳᠠᠳᠠᠭ ᠣᠯᠠᠨ ᠤᠯᠤᠰ ᠤ᠋ᠨ ᠥᠰᠪᠦᠷᠢ ᠨᠠᠰᠤᠨ ᠤ᠋ ᢈᠡᠦᢈᠡᠳ ᠦ᠋ᠳ ᠦ᠋ᠨ ᠵᠠᢈᠢᠳᠠᠯ ᠪᠢᠴᠢᠯᢉᠡ ᠶ᠋ᠢᠨ ᠤᠷᠤᠯᠳᠤᠭᠠᠨ ᠠᠮᠵᠢᠯᠲᠠᠲᠠᠢ ᠶᠠᠪᠤᠭᠳᠠᠵᠤ ᠰᠢᠯᠭᠠᠷᠠᠭᠰᠠᠨ ᠪᠠᠭᠰᠢ᠂ ᠰᠤᠷᠤᠭᠴᠢᠳ ᠱᠠᠩᠨᠠᠯ ᠢ᠋ᠶᠠᠨ ᠭᠠᠷᠳᠠᠨ ᠠᠪᠤᠯ᠎ᠠ᠃

ᠹᠡ ᠲᠡᠷᠢᢉᠦᠨ ᠪᠠᠶᠢᠷᠢ ᠡᠵᠡᠯᠡᢉᠰᠡᠨ ᠦᠨᠳᠦᠰᠦᠨ ᠦ᠋ ᠢᠯᠠᠭᠴᠢ ᠪᠤᠯᠠᠭᠠᠨ ᠠᠶᠢᠮᠠᠭ ᠤ᠋ᠨ ᠪᠤᠯᠠᠭᠠᠨ ᠰᠤᠮᠤ ᠶ᠋ᠢᠨ ᠶᠡᠷᠦᠩᢈᠡᠢ ᠪᠣᠯᠪᠠᠰᠤᠷᠠᠯ ᠤ᠋ᠨ ᠑-ᠷ ᠰᠤᠷᠭᠠᠭᠤᠯᠢ ᠶ᠋ᠢᠨ ᠙ᠪ ᠠᠩᢉᠢ ᠶ᠋ᠢᠨ ᠰᠤᠷᠤᠭᠴᠢ ᠡ‍᠂ᠡᠮᠦᠵᠢᠨ ᠦ᠋ ᠪᠢᠴᠢᢉᠰᠡᠨ ᠵᠠᢈᠢᠳᠠᠯ ᠢ᠋ ᠠᠩᢉᠯᠢ᠂ ᠹᠷᠠᠨ᠋ᠼ ᢈᠡᠯᠡ ᠤᠷᠤᠭᠤ ᢈᠥᠷᠪᠡᢉᠦᠯᠦᠨ ᠳᠡᠯᠡᢈᠡᠢ ᠶ᠋ᠢᠨ ᠰᠢᠤᠳᠠᠨ ᠬᠣᠯᠪᠤᠭᠠᠨ ᠤ᠋ ᠣᠯᠠᠨ ᠤᠯᠤᠰ ᠤ᠋ᠨ ᠥᠰᠪᠦᠷᠢ ᠨᠠᠰᠤᠨ ᠤ᠋ ᢈᠡᠦᢈᠡᠳ ᠦ᠋ᠳ ᠦ᠋ᠨ ᠵᠠᢈᠢᠳᠠᠯ ᠪᠢᠴᠢᠯᢉᠡ ᠶ᠋ᠢᠨ ᠤᠷᠤᠯᠳᠤᠭᠠᠨ ᠳ᠋ᠤ ᠮᠣᠩᠭᠣᠯ ᠤᠯᠤᠰ ᠢ᠋ ᠲᠥᠯᠦᢉᠡᠯᠡᠨ ᠢᠯᠡᢉᠡᢈᠦ ᠶᠤᠮ᠃