“ᠬᠠᠷᠢᠯᠴᠠᠭᠠ ᠬᠣᠯᠪᠤᠭᠠᠨ ᠤ᠋ ᠵᠣᢈᠢᠴᠠᠭᠤᠯᠤᠯᠲᠠ ᠒᠐᠒᠕” ᠣᠯᠠᠨ ᠤᠯᠤᠰ ᠤ᠋ᠨ ᠹᠣᠷᠦ᠋ᠮ ᠤ᠋ᠨ ᢈᠦᠷᠢᠶᠡᠨ ᠳ᠋ᠦ''ᠳ᠋ᠢᠵᠢᠲ᠋ᠠᠯ ᠵᠠᠯᠢᠯᠠᠨ ᠪᠠ ᢈᠡᠷᠡᢉᠯᠡᢉᠴᠢ ᠶ᠋ᠢᠨ ᠠᠶᠤᠯ ᠦᢉᠡᠢ ᠪᠠᠶᠢᠳᠠᠯ᠂ ᠬᠠᠮᠠᠭᠠᠯᠠᠯᠲᠠ” ᠰᠧᠮᠢᠨᠠᠷ᠂ ᢈᠡᠯᠡᠯᠴᠡᢉᠦᠯᢉᠡ ᠶ᠋ᠢ ᠐᠙ ᠳ᠋ᠦ᠋ᢉᠡᠷ ᠰᠠᠷᠠ ᠶ᠋ᠢᠨ ᠒᠕᠆ᠤ᠋ ᠡᠳᠦᠷ ᠵᠣᢈᠢᠶᠠᠨ ᠪᠠᠶᠢᠭᠤᠯᠤᠯᠠ᠃ ᠠᠷᠭᠠ ᢈᠡᠮᠵᠢᠶᠡᠨ ᠳ᠋ᠦ ᠣᠯᠠᠨ ᠤᠯᠤᠰ ᠤ᠋ᠨ ᠪᠠᠶᠢᠭᠤᠯᠤᠯᠭᠠ ᠨᠤᠭᠤᠳ᠂ ᠮᠠᠯᠠᠶᠢᠽ᠂ ᠪᠦ᠂ᠨᠠ᠂ᠰᠣ ᠪᠣᠯᠤᠨ ᠲᠥᠷᠦ᠂ ᠬᠤᠪᠢ ᠶ᠋ᠢᠨ ᢈᠡᠪᠰᠢᠯ ᠦ᠋ᠨ ᠲᠥᠯᠦᢉᠡᠯᠡᠯ ᠦ᠋ᠳ ᠢᠯᠡᠳᢈᠡᠯ ᠲᠠᠯᠪᠢᠵᠤ᠂ ᠰᠠᠨᠠᠯ ᠪᠣᠳᠤᠯ ᠢ᠋ᠶᠠᠨ ᠰᠣᠯᠢᠯᠴᠠᠪᠠ᠃ ᠮᠥᠨ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᢈᠨᠣᠯᠣᢉᠢ᠂ ᠮᠧᠳᠢᠠ ᠰᠠᠯᠪᠤᠷᠢ ᠳ᠋ᠤ ᠲᠤᠯᠭᠠᠷᠠᠵᠤ ᠪᠤᠢ ᠨᠢᠭᠤᠴᠠᠯᠠᠯ ᠪᠠ ᠥᢉᢉᠦᢉᠳᠡᠯ ᠬᠠᠮᠠᠭᠠᠯᠠᠯᠲᠠ ᠶ᠋ᠢᠨ ᠰᠢᠨᠡ ᠰᠣᠷᠢᠯᠲᠠ ᠨᠤᠭᠤᠳ᠂ᠥᢉᢉᠦᢉᠳᠡᠯ ᠨᠤᠲᠤᠭᠰᠢᠭᠤᠯᠤᠯᠲᠠ᠂ ᠣᠯᠠᠨ ᠤᠯᠤᠰ ᠤ᠋ᠨ ᠥᢉᢉᠦᢉᠳᠡᠯ ᠰᠣᠯᠢᠯᠴᠠᠭᠠ᠂ ᠲᠡᢉᠦᠨ ᠳ᠋ᠦ ᠲᠠᠯᠪᠢᠭᠳᠠᠬᠤ ᢈᠢᠵᠠᠭᠠᠷᠯᠠᠯᠲᠠ ᠪᠣᠯᠤᠨ ᠨᠢᠭᠤᠴᠠᠯᠠᠯ ᠤ᠋ᠨ ᠡᠷᢈᠡ ᠵᠦᠢ ᠶ᠋ᠢᠨ ᠰᠢᠨᠡ ᠴᠢᢉ ᠬᠠᠨᠳᠤᠯᠭᠠ ᠶ᠋ᠢᠨ ᠲᠠᠯᠠᠭᠠᠷ ᠥᠷᢉᠡᠨ ᢈᠦᠷᠢᠶᠡᠨ ᠳ᠋ᠦ ᠶᠠᠷᠢᠯᠴᠠᠯᠠ᠃
ᠰᠧᠮᠢᠨᠠᠷ᠂ ᢈᠡᠯᠡᠯᠴᠡᢉᠦᠯᢉᠡ ᠪᠡᠷ ᠳ᠋ᠢᠵᠢᠲ᠋ᠠᠯ ᠣᠷᠴᠢᠨ ᠳ᠋ᠠᢈᠢ ᠰᠦᠯᠵᠢᠶᠡᠨ ᠦ᠋ ᠠᠶᠤᠯ ᠦᢉᠡᠢ ᠪᠠᠶᠢᠳᠠᠯ᠂ᠴᠢᠬᠤᠯᠠ ᠳᠡᠳ᠋ ᠪᠦᠲᠦᠴᠡ ᠶ᠋ᠢᠨ ᠬᠠᠮᠠᠭᠠᠯᠠᠯᠲᠠ᠂ ᢈᠡᠷᠡᢉᠯᠡᢉᠴᠢ ᠶ᠋ᠢᠨ ᠢᠲᠡᢉᠡᠯᠴᠡᠯ᠂ᠨᠢᠭᠤᠴᠠᠯᠠᠯ ᠵᠡᠷᢉᠡ ᠲᠤᠯᠭᠠᠮᠳᠠᠭᠰᠠᠨ ᠠᠰᠠᠭᠤᠳᠠᠯ ᠢ᠋ ᢈᠥᠨᠳᠡᠵᠦ᠂ ᠳ᠋ᠢᠵᠢᠲ᠋ᠠᠯ ᠰᠢᠯᠵᠢᠯᠲᠡ ᠶ᠋ᠢᠨ ᠶᠠᠪᠤᠴᠠ ᠳ᠋ᠤ ᠲᠤᠯᠭᠠᠷᠠᠵᠤ ᠪᠤᠢ ᠰᠣᠷᠢᠯᠲᠠ ᠨᠤᠭᠤᠳ ᠪᠣᠯᠤᠨ ᠪᠣᠯᠤᠮᠵᠢᠲᠤ ᠰᠢᠢᠳᠦᠯ ᠦ᠋ᠳ ᠢ᠋ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠪᠠᠶᠢᠭᠤᠯᠤᠯᠭᠠ ᠨᠤᠭᠤᠳ ᠬᠠᠮᠲᠤ ᠳ᠋ᠤ ᠪᠠᠨ ᢈᠡᠯᠡᠯᠴᠡᠪᠡ᠃ ᠮᠥᠨ ᠣᠯᠠᠨ ᠤᠯᠤᠰ ᠤ᠋ᠨ ᠰᠠᠶᠢᠨ ᠲᠤᠷᠰᠢᠯᠭᠠ᠂ ᠣᠯᠤᠯᠲᠠ ᠠᠮᠵᠢᠯᠲᠠ ᠠ᠋ᠴᠠ ᠰᠣᠨᠤᠰᠴᠤ᠂ ᠰᠤᠷᠤᠯᠴᠠᠬᠤ ᠪᠣᠯᠤᠮᠵᠢ ᠶ᠋ᠢ ᠣᠯᠭᠤᠭᠰᠠᠨ ᠨᠢ ᠣᠨᠴᠠᠯᠢᠭ ᠪᠠᠶᠢᠯᠠ᠃
ᢈᠡᠯᠡᠯᠴᠡᢉᠦᠯᢉᠡ ᠶ᠋ᠢᠨ ᠦᠶᠡ ᠪᠡᠷ ᠳᠠᠷᠠᠭᠠᢈᠢ ᠴᠢᢉᠯᠡᠯ ᠢ᠋ᠶᠡᠷ ᠮᠡᠳᠡᢉᠡᠯᠡᠯ ᠰᠣᠨᠤᠰᠴᠤ᠂ ᠰᠠᠨᠠᠯ ᠰᠣᠯᠢᠯᠴᠠᠭᠰᠠᠨ᠃ ᠡᢉᠦᠨ ᠳ᠋ᠦ:\n\nᠳ᠋ᠢᠵᠢᠲ᠋ᠠᠯ ᠵᠠᠯᠢᠯᠠᠨ᠂ ᠻᠢᠪᠧᠷ ᠠᠶᠤᠯ ᠦᢉᠡᠢ ᠪᠠᠶᠢᠳᠠᠯ ᠳ᠋ᠤ ᠵᠣᢈᠢᠴᠠᠭᠤᠯᠤᠭᠴᠢ ᠶ᠋ᠢᠨ ᠣᠷᠤᠯᠴᠠᠭᠠ\nᠠᠶᠤᠯ ᠦᢉᠡᠢ ᠪᠠᠶᠢᠳᠠᠯ ᠤ᠋ᠨ ᠰᠢᠨᠡ ᠱᠠᠭᠠᠷᠳᠠᠯᠭᠠ ᠶ᠋ᠢ ᢈᠡᠷᠡᢉᠵᠢᢉᠦᠯᢈᠦ ᠣᠯᠠᠨ ᠤᠯᠤᠰ ᠤ᠋ᠨ ᠠᠷᠭᠠ ᠪᠠᠷᠢᠯ\n“Security by design” ᠪᠤᠶᠤ ᠠᠶᠤᠯ ᠦᢉᠡᠢ ᠪᠠᠶᠢᠳᠠᠯ ᠢ᠋ ᠳ᠋ᠢᠽᠠᠶᠢᠨ᠋ ᠳ᠋ᠤ ᠰᠠᠭᠤᠯᠭᠠᠬᠤ ᠵᠠᠷᠴᠢᠮ ᠪᠠ ᠡᢉᠦᠨ ᠳ᠋ᠦ ᠵᠣᢈᠢᠴᠠᠭᠤᠯᠤᠯᠲᠠ ᠶ᠋ᠢᠨ ᠣᠷᠤᠯᠴᠠᠭᠠ\nᠬᠠᠷᠢᠯᠴᠠᠭᠠ ᠬᠣᠯᠪᠤᠭᠠᠨ ᠤ᠋ ᠰᠦᠯᠵᠢᠶᠡᠨ ᠦ᠋ ᠨᠠᠶᠢᠳᠠᠪᠤᠷᠢᠲᠠᠢ ᠪᠠᠶᠢᠳᠠᠯ ᠢ᠋ ᠬᠠᠩᠭᠠᠬᠤ\nᠡᢉᠦᠷ ᠦ᠋ᠨ ᠬᠣᠯᠪᠤᠭᠠᠨ ᠤ᠋ ᠦᠶᠢᠯᠡᠴᠢᠯᠡᢉᠡ ᠡᠷᢈᠢᠯᠡᢉᠴᠢᠳ᠂ᠻᠢᠪᠧᠷ ᠠᠶᠤᠯ ᠦᢉᠡᠢ ᠪᠠᠶᠢᠳᠠᠯ ᠤ᠋ᠨ ᠠᠰᠠᠭᠤᠳᠠᠯ ᠡᠷᢈᠢᠯᠡᢉᠰᠡᠨ ᠲᠥᠪ ᠦ᠋ᠳ ᠪᠣᠯᠤᠨ ᠴᠠᠭᠳᠠᠭᠠ ᠶ᠋ᠢᠨ ᠪᠠᠶᠢᠭᠤᠯᠤᠯᠭᠠ ᠨᠤᠭᠤᠳ ᠤ᠋ᠨ ᠬᠠᠮᠲᠤ ᠶ᠋ᠢᠨ ᠠᠵᠢᠯᠯᠠᠭᠠ\nᠮᠧᠰᠰᠧᠵ᠂ ᠳᠠᠭᠤᠳᠠᠯᠭᠠ᠂ ᠳ᠋ᠢᠵᠢᠲ᠋ᠠᠯ ᠯᠤᠶᠢᠪᠠᠷ ᠤ᠋ᠨ ᠡᠰᠡᠷᢉᠦ ᠠᠪᠴᠤ ᢈᠡᠷᠡᢉᠵᠢᢉᠦᠯᠵᠦ ᠪᠤᠢ ᠣᠯᠠᠨ ᠤᠯᠤᠰ ᠤ᠋ᠨ ᠲᠤᠷᠰᠢᠯᠭᠠ\nᠡᠨᠡ ᢈᠦ ᠰᠧᠮᠢᠨᠠᠷ᠂ ᢈᠡᠯᠡᠯᠴᠡᢉᠦᠯᢉᠡ ᠨᠢ ᠲᠥᠷᠦ᠂ ᠬᠤᠪᠢ ᠶ᠋ᠢᠨ ᢈᠡᠪᠰᠢᠯ ᠦ᠋ᠨ ᠲᠥᠯᠦᢉᠡᠯᠡᠯ᠂ ᠵᠣᢈᠢᠴᠠᠭᠤᠯᠤᠭᠴᠢ ᠪᠠᠶᠢᠭᠤᠯᠤᠯᠭᠠ᠂ᠰᠠᠯᠪᠤᠷᠢ ᠶ᠋ᠢᠨ ᠮᠡᠷᢉᠡᠵᠢᠯᠲᠡᠨ ᠨᠦ᠋ᢉᠦᠳ ᠦ᠋ᠨ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᠵᠦ᠂ᠳ᠋ᠢᠵᠢᠲ᠋ᠠᠯ ᠣᠷᠴᠢᠨ ᠳ᠋ᠤ ᢈᠡᠷᠡᢉᠯᠡᢉᠴᠢ ᠶ᠋ᠢᠨ ᠢᠲᠡᢉᠡᠯ ᠢ᠋ ᠬᠠᠮᠠᠭᠠᠯᠠᠬᠤ᠂ ᠠᠶᠤᠯ ᠦᢉᠡᠢ ᠪᠠᠶᠢᠳᠠᠯ ᠢ᠋ ᠬᠠᠩᠭᠠᠬᠤ ᠪᠣᠳᠤᠯᠭᠠ᠂ ᠰᠢᠢᠳᠦᠯ ᠢ᠋ ᠬᠠᠮᠲᠤ ᠳ᠋ᠤ ᠪᠠᠨ ᠡᠷᠢᠯᢈᠢᠯᠡᢈᠦ ᠳ᠋ᠦ ᠴᠢᠬᠤᠯᠠ ᠠᠴᠢ ᠬᠣᠯᠪᠤᠭᠳᠠᠯᠲᠠᠢ ᠠᠷᠭᠠ ᢈᠡᠮᠵᠢᠶᠡ ᠪᠣᠯᠤᠯᠠ᠃