“ᠡᠶᠡᠷᢉᠦ ᠴᠠᢈᠢᠮ ᠢᠷᠡᢉᠡᠳᠦᠢ” ᠡᠳᠦᠷᠯᠢᢉ ᠪᠣᠯᠤᠯ᠎ᠠ

᠒᠐᠒᠖.᠐᠓.᠑᠗

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ (ᠬᠤ‍᠂ᠬᠠ‍᠂ᠵᠠ‍᠂ᠬᠠ‍) ᠨᠢ ᠨᠢ‍᠂ᠦ‍᠂ᠪᠠ‍᠆ᠶ᠋ᠢᠨ ᢈᠡᠦᢈᠡᠳ ᠦ᠋ᠨ ᠰᠠᠩ᠂ᠲᠡᠰᠣ᠋ ᢉᠷᠦ᠋ᠫ ᠲᠡᠢ ᠬᠠᠮᠲᠤᠷᠠᠨ ᠮᠣᠩᠭᠣᠯ ᠤᠯᠤᠰ ᠤ᠋ᠨ ᢈᠡᠦᢈᠡᠳ᠂ ᠥᠰᠪᠦᠷᠢ ᠦᠶ᠎ᠡ ᠶ᠋ᠢᠨ ᢈᠢᠨ ᠦ᠋ ᠴᠠᢈᠢᠮ ᠣᠷᠴᠢᠨ ᠤ᠋ ᠠᠶᠤᠯ ᠦᢉᠡᠢ ᠪᠠᠶᠢᠳᠠᠯ ᠢ᠋ ᠬᠠᠩᠭᠠᠬᠤ “ᠴᠠᢈᠢᠮ ᠣᠷᠴᠢᠨ ᠳ᠋ᠤ ᢈᠡᠦᢈᠡᠳ ᠢ᠋ᠶᠡᠨ ᠬᠠᠮᠠᠭᠠᠯᠠᠶ᠎ᠠ” ᠲᠥᠰᠦᠯ ᠢ᠋ ᢈᠡᠷᠡᢉᠵᠢᢉᠦᠯᠵᠦ᠂ᠴᠠᢈᠢᠮ ᠣᠷᠴᠢᠨ ᠤ᠋ ᠵᠥᠪ᠂ ᠵᠣᢈᠢᠰᠲᠠᠢ ᢈᠡᠷᠡᢉᠯᠡᢉᠡ᠂ ᠴᠠᢈᠢᠮ ᠣᠷᠴᠢᠨ ᠳ᠋ᠤ ᢈᠡᠦᢈᠡᠳ ᠦ᠋ᠨ ᠡᠷᢈᠡ ᠶ᠋ᠢ ᠬᠠᠩᠭᠠᠬᠤ᠂ᠴᠠᢈᠢᠮ ᠣᠷᠴᠢᠨ ᠤ᠋ ᠡᠷᠦᠰᠳᠡᠯ ᠡᠴᠡ ᢈᠡᠦᢈᠡᠳ ᠢ᠋ ᠬᠠᠮᠠᠭᠠᠯᠠᠬᠤ ᠲᠤᠬᠠᠢ ᠮᠡᠳᠡᠯᢉᠡ᠂ᠣᠶᠢᠯᠠᠭᠠᠯᠲᠠ ᠥᢉᢈᠦ ᠭᠠᠷ ᠤ᠋ᠨ ᠠᠪᠤᠯᠭ᠎ᠠ᠂ ᠪᠠᠲᠤᠳᠬᠠᠬᠤ ᠸᠢᠳᠧᠣ᠋ ᠻᠣᠨ᠋ᠲ᠋ᠧᠨ᠋ᠲ ᠪᠦᢈᠦᠢ ᠪᠠᠭᠴᠠ ᠰᠤᠷᠭᠠᠯᠲᠠ ᠶ᠋ᠢᠨ ᠮᠣᠳᠦ᠋ᠯᠢ ᠶ᠋ᠢ ᢈᠡᠦᢈᠡᠳ᠂ ᠡᠴᠢᢉᠡ ᠡᢈᠡ᠂ ᠠᠰᠠᠷᠠᠨ ᠬᠠᠮᠠᠭᠠᠯᠠᠭᠴᠢ᠂ ᠪᠠᠭᠰᠢ᠂ ᠰᠤᠷᠭᠠᠨ ᢈᠦᠮᠦᠵᠢᢉᠦᠯᠦᢉᠴᠢ ᠲᠤᠰ ᠪᠦᠷᠢ ᠳ᠋ᠦ ᠵᠣᠷᠢᠭᠤᠯᠤᠨ ᠪᠣᠯᠪᠠᠰᠤᠷᠠᠭᠤᠯᠤᠨ ᠭᠠᠷᠭᠠᠭᠠᠳ ᠪᠠᠶᠢᠨ᠎ᠠ᠃
“ᠡᠶᠡᠷᢉᠦ ᠴᠠᢈᠢᠮ ᠢᠷᠡᢉᠡᠳᠦᠢ” ᠡᠳᠦᠷᠯᠢᢉ ᠲᠦ ᠲᠤᠰ ᠰᠤᠷᠭᠠᠭᠤᠯᠢ ᠶ᠋ᠢᠨ ᠪᠠᠭ᠎ᠠ᠂ᠳᠤᠮᠳᠠ᠂ ᠠᠬᠠᠯᠠᠬᠤ ᠠᠩᢉᠢ ᠶ᠋ᠢᠨ ᠰᠤᠷᠤᠭᠴᠢᠳ ᠪᠣᠯᠤᠨ ᠡᠴᠢᢉᠡ᠂ ᠡᢈᠡ᠂ ᠠᠰᠠᠷᠠᠨ ᠬᠠᠮᠠᠭᠠᠯᠠᠭᠴᠢ᠂ ᠪᠠᠭᠰᠢ᠂ ᠠᠵᠢᠯᠲᠠᠨ ᠨᠤᠭᠤᠳ ᠤ᠋ᠨ ᠲᠥᠯᠦᢉᠡᠯᠡᠯ ᠪᠣᠯᠬᠤ ᠒᠐᠐ ᠭᠠᠷᠤᠢ ᢈᠦᠮᠦᠨ ᠬᠠᠮᠤᠷᠤᠭᠳᠠᠵᠤ᠂ ᠴᠠᢈᠢᠮ ᠤᠷ᠎ᠠ ᠴᠢᠳᠠᠪᠤᠷᠢ ᠪᠠᠨ ᠳᠡᢉᠡᢉᠰᠢᠯᠡᢉᠦᠯᢈᠦ ᠮᠡᠳᠡᠯᢉᠡ ᠮᠡᠳᠡᢉᠡᠯᠡᠯ ᠠᠪᠤᠭᠰᠠᠨ ᠶᠤᠮ᠃ ᠡᠳᠦᠷᠯᠢᢉ ᠢ᠋ ᠨᠢ‍᠂ᠦ‍᠂ᠪᠠ‍᠆ᠶ᠋ᠢᠨ ᢈᠡᠦᢈᠡᠳ ᠦ᠋ᠨ ᠰᠠᠩ ᠤ᠋ᠨ ᠰᠢᠳᠠᠷ ᠰᠠᠭᠤᠷᠢᠨ ᠲᠥᠯᠦᢉᠡᠯᠡᢉᠴᠢ᠂ᠬᠠᠲᠤᠭᠲᠠᠢ ᠶᠠᠩ ᠮᠤ᠂ ᠲᠡᠰᠣ᠋ ᢉᠷᠦ᠋ᠫ ᠦ᠋ᠨ ᠪᠠᠶᠢᠭᠤᠯᠤᠯᠭ᠎ᠠ ᠬᠠᠷᠢᠭᠤᠴᠠᠭᠰᠠᠨ ᠵᠠᢈᠢᠷᠤᠯ ᠡ‍᠂ᠣᠳᠤᠨᠴᠢᠮᠡᢉ ᠨᠠᠷ ᠨᠡᢉᠡᢉᠡᠵᠦ ᠦᢉᠡ ᢈᠡᠯᠡᢉᠰᠡᠨ ᠪᠥᢉᠡᠳ ᠨᠡᠶᠢᠲᠡ ᠒᠓ ᢈᠢᠴᠢᠶᠡᠯ ᠪᠦᢈᠦᠢ ᠭᠠᠷ ᠤ᠋ᠨ ᠠᠪᠤᠯᠭ᠎ᠠ᠂ᢈᠢᠴᠢᠶᠡᠯ ᠪᠦᠷᠢ ᠶ᠋ᠢ ᠪᠠᠲᠤᠳᠬᠠᠬᠤ ᠸᠢᠳᠧᠣ᠋ ᠻᠣᠨ᠋ᠲ᠋ᠧᠨ᠋ᠲ ᠪᠣᠯᠤᠨ ᠲᠠᠨᠢᠯᠴᠠᠭᠤᠯᠭ᠎ᠠ ᠶ᠋ᠢ ᠪᠠᠭᠲᠠᠭᠠᠭᠰᠠᠨ ᠪᠠᠭᠴᠠ ᠰᠤᠷᠭᠠᠯᠲᠠ ᠶ᠋ᠢᠨ ᠮᠣᠳᠦ᠋ᠯᠢ ᠶ᠋ᠢ ᠰᠤᠷᠭᠠᠭᠤᠯᠢ ᠶ᠋ᠢᠨ ᠵᠠᢈᠢᠷᠤᠯ᠂ ᠪᠠᠭᠰᠢ᠂ ᠡᠴᠢᢉᠡ ᠡᢈᠡ ᠶ᠋ᠢᠨ ᠲᠥᠯᠦᢉᠡᠯᠡᠯ ᠳ᠋ᠦ ᠭᠠᠷᠳᠠᠭᠤᠯᠤᠨ ᠥᢉᢉᠦᠯ᠎ᠡ᠃ ᠰᠤᠷᠭᠠᠯᠲᠠ ᠶ᠋ᠢᠨ ᠭᠠᠷ ᠤ᠋ᠨ ᠠᠪᠤᠯᠭ᠎ᠠ᠂ ᢈᠢᠴᠢᠶᠡᠯ ᠢ᠋ ᠤᠯᠤᠰ ᠤ᠋ᠨ ᢈᠡᠮᠵᠢᠶᠡᠨ ᠦ᠋ ᠪᠦᢈᠦ ᠰᠤᠷᠭᠠᠭᠤᠯᠢ ᠨᠤᠭᠤᠳ ᠲᠤ ᠲᠦᢉᠡᢉᠡᠨ᠎ᠡ᠃