ᠮᠣᠩᠭᠣᠯ ᠤᠯᠤᠰ ᠲᠤ ᠰᠠᠨᠰᠠᠷ ᠤ᠋ᠨ ᠲᠧᠻᠨᠣᠯᠣᢉᠢ ᠶ᠋ᠢ ᢈᠥᢉᠵᠢᢉᠦᠯᢈᠦ᠂ ᢈᠢᠮᠡᠯ ᠳᠠᠭᠠᠭᠤᠯᠢ ᠶ᠋ᠢᠨ ᢈᠡᠷᠡᢉᠯᠡᢉᠡ ᠶ᠋ᠢ ᠨᠤᠲᠤᠭᠰᠢᠭᠤᠯᠬᠤ ᢈᠡᠷᠡᢉᠴᠡᢉᠡ ᠱᠠᠭᠠᠷᠳᠠᠯᠭᠠ ᠶ᠋ᠢᠨ ᠲᠠᠯᠠᠭᠠᠷ ᠰᠠᠨᠰᠠᠷ ᠤ᠋ᠨ ᠬᠣᠯᠪᠤᠭᠠ᠂ ᠲᠠᠩᠳᠠᠨ ᠰᠤᠳᠤᠯᠭᠠᠨ ᠤ᠋ ᢈᠢᠮᠡᠯ ᠳᠠᠭᠠᠭᠤᠯᠢ ᠶ᠋ᠢᠨ ᢈᠡᠷᠡᢉᠯᠡᢉᠴᠢ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠪᠠᠶᠢᠭᠤᠯᠤᠯᠭᠠ ᠨᠤᠭᠤᠳ᠂ ᠰᠤᠳᠤᠯᠤᠭᠠᠴᠢ᠂ ᠡᠷᠳᠡᠮᠲᠡᠳ ᠦ᠋ᠨ ᠣᠷᠤᠯᠴᠠᠭᠰᠠᠨ ᢈᠡᠯᠡᠯᠴᠡᢉᠦᠯᢉᠡ ᠶ᠋ᠢ ᠒᠐᠒᠔ ᠣᠨ ᠤ᠋ ᠑᠐ ᠰᠠᠷᠠ ᠶ᠋ᠢᠨ ᠒᠔-ᠨᠢ ᠡᠳᠦᠷ ᠱᠤᠲᠢᠰ-ᠡᠶᠢᠨ ᠲᠥᠪ ᠪᠠᠶᠢᠷᠢᠨ ᠳ᠋ᠤ ᠵᠣᢈᠢᠶᠠᠨ ᠪᠠᠶᠢᠭᠤᠯᠤᠯᠠ᠃ “ᠦᠨᠳᠦᠰᠦᠨ ᠦ᠋ ᢈᠢᠮᠡᠯ ᠳᠠᠭᠠᠭᠤᠯᠢ ᠪᠠ ᠲᠡᢉᠦᠨ ᠦ᠋ ᢈᠡᠷᠡᢉᠯᠡᢉᠡ” ᠠᠷᠭᠠ ᢈᠡᠮᠵᠢᠶᠡ ᠶ᠋ᠢ ᠨᠡᢉᠡᢉᠡᠵᠦ ᠱᠤᠤ-ᠡᠶᠢᠨ ᠶᠡᠷᠦᠩᢈᠡᠶᠢᠯᠡᢉᠴᠢ᠂ ᠠᠻᠠᠳ᠋ᠧᠮᠢᠴᠢ ᠰ᠂ᠳᠡᠮᠪᠡᠷᠢᠯ᠂ ᢈᠾᠵᠠᠬᠠ-ᠨ ᠤ᠋ ᠠᠵᠢᠯ ᠤ᠋ᠨ ᠠᠯᠪᠠᠨ ᠤ᠋ ᠳᠠᠷᠤᠭᠠ ᠠ᠂ᠯᠤᠪᠰᠠᠩ-ᠸᠴᠢᠷ ᠨᠠᠷ ᠦᢉᠡ ᢈᠡᠯᠡᢉᠰᠡᠨ ᠪᠥᢉᠡᠳ ᠮᠣᠩᠭᠣᠯ ᠤᠯᠤᠰ ᠰᠠᠨᠰᠠᠷ ᠤ᠋ᠨ ᠣᠷᠤᠨ᠂ ᠰᠠᠨᠰᠠᠷ ᠤ᠋ᠨ ᠨᠥᢉᠡᠴᠡ ᠶ᠋ᠢ ᠲᠣᠭᠲᠠᠪᠤᠷᠢ ᠲᠠᠢ ᢈᠥᢉᠵᠢᠯ᠂ ᢈᠦᠮᠦᠰ ᠦ᠋ᠨ ᠰᠠᠶᠢᠨ ᠰᠠᠶᠢᠬᠠᠨ ᠤ᠋ ᠲᠥᠯᠦᢉᠡ ᠢᠯᠡ ᠲᠣᠳᠤ᠂ ᢈᠦᠷᠲᠡᢉᠡᠮᠵᠢᠲᠡᠢ᠂ ᠬᠠᠮᠲᠤᠷᠠᠨ ᠠᠰᠢᠭᠯᠠᠬᠤ᠂ ᠥᠪᠡᠷ ᠦ᠋ᠨ ᠬᠠᠷᠢᠯᠴᠠᠭᠠ ᠬᠣᠯᠪᠤᠭᠠᠨ ᠤ᠋ ᠪᠣᠯᠤᠨ ᠵᠠᠢ ᠠ᠋ᠴᠠ ᠲᠠᠩᠳᠠᠨ ᠰᠤᠳᠤᠯᠤᠯ ᠤ᠋ᠨ ᢈᠢᠮᠡᠯ ᠳᠠᠭᠠᠭᠤᠯᠢ ᠲᠠᠢ ᠪᠣᠯᠬᠤ᠂ ᠮᠥᠨ ᠭᠠᠳᠠᠭᠠᠳᠤ ᠤᠯᠤᠰ ᠤ᠋ᠳ ᠲᠠᠢ ᠰᠠᠨᠰᠠᠷ ᠰᠤᠳᠤᠯᠤᠯ ᠤ᠋ᠨ ᠴᠢᢉᠯᠡᠯ ᠳ᠋ᠦ ᠬᠠᠮᠲᠤ ᠶ᠋ᠢᠨ ᠠᠵᠢᠯᠯᠠᠭᠠ ᠶ᠋ᠢ ᠥᠷᢉᠡᠵᠢᢉᠦᠯᠵᠦ᠂ ᠰᠠᠨᠰᠠᠷ ᠤ᠋ᠨ ᠴᠢᢉᠯᠡᠯ ᠢ᠋ᠶᠡᠷ ᢈᠦᠮᠦᠨ ᠦ᠋ ᠨᠥᢉᠡᠴᠡ ᠪᠡᠯᠡᠳᢈᠡᢈᠦ ᠨᠢ ᠴᠢᠬᠤᠯᠠ ᠠᠴᠢ ᠬᠣᠯᠪᠤᠭᠳᠠᠯᠲᠠᠢ ᠲᠠᠯᠠᠭᠠᠷ ᠣᠨᠴᠠᠯᠠᠯᠠ᠃
ᢈᠡᠯᠡᠯᠴᠡᢉᠦᠯᢉᠡ ᠶ᠋ᠢᠨ ᠦᠶᠡ ᠪᠡᠷ “ᠮᠣᠩᠭᠤᠯ ᠤᠯᠤᠰ ᠲᠤ ᠰᠠᠨᠰᠠᠷ ᠰᠤᠳᠤᠯᠤᠯ᠂ ᠰᠠᠨᠰᠠᠷ ᠤ᠋ᠨ ᠲᠧᢈᠨᠢᢉ ᠲᠧᠻᠨᠤᠯᠤᢉᠢ ᠶ᠋ᠢᠨ ᠲᠡᠦᢈᠡᠨ ᢈᠥᢉᠵᠢᠯ”᠂ᠤ᠂ ᠹ᠂᠂ “ᠰᠠᠨᠰᠠᠷ ᠤ᠋ᠨ ᠬᠣᠯᠪᠤᠭᠠᠨ ᠤ᠋ ᠲᠧᠻᠨᠣᠯᠣᢉᠢ ᠶ᠋ᠢᠨ ᠴᠢᢉ ᠬᠠᠨᠳᠤᠯᠭᠠ᠂ ᠮᠣᠩᠭᠣᠯ ᠤᠯᠤᠰ ᠬᠠᠷᠢᠯᠴᠠᠭᠠ ᠬᠣᠯᠪᠤᠭᠠᠨ ᠤ᠋ ᢈᠢᠮᠡᠯ ᠳᠠᠭᠠᠭᠤᠯᠢ ᢈᠥᢉᠡᠷᢉᠡᠵᠦ ᠠᠰᠢᠭᠯᠠᠬᠤ ᠱᠠᠭᠠᠷᠳᠠᠯᠭᠠ”᠂ᠤ᠂ ᠹ᠂᠂ “ᠵᠠᠢ ᠠ᠋ᠴᠠ ᠲᠠᠩᠳᠠᠨ ᠰᠤᠳᠤᠯᠤᠯ ᠤ᠋ᠨ ᢈᠢᠮᠡᠯ ᠳᠠᠭᠠᠭᠤᠯᠢ᠂ ᠲᠡᢉᠦᠨ ᠦ᠋ ᢈᠡᠷᠡᢉᠴᠡᢉᠡ ᠱᠠᠭᠠᠷᠳᠠᠯᠭᠠ”᠂ᠹ᠂ “ᠭᠠᠮᠰᠢᠭ ᠲᠠᠢ ᠲᠡᠮᠡᠴᠡᢈᠦ ᠦᠶᠢᠯᠡ ᠠᠵᠢᠯᠯᠠᠭᠠ ᠪᠠ ᢈᠢᠮᠡᠯ ᠳᠠᠭᠠᠭᠤᠯᠢ” ᠵᠡᠷᢉᠡ ᠢᠯᠡᠳᢈᠡᠯ ᠦ᠋ᠳ ᠢ᠋ ᠲᠠᠨᠢᠯᠴᠠᠭᠤᠯᠵᠤ᠂ ᠣᠷᠤᠯᠴᠠᠭᠴᠢᠳ ᠤ᠋ᠨ ᠳᠤᠮᠳᠠ ᢈᠡᠯᠡᠯᠴᠡᢉᠦᠯᢉᠡ ᠥᠷᠨᠢᢉᠦᠯᠦᠯᠡ᠃
ᢈᠡᠯᠡᠯᠴᠡᢉᠦᠯᢉᠡ ᠳ᠋ᠦ ᠬᠠᠷᠢᠯᠴᠠᠭᠠ ᠬᠣᠯᠪᠤᠭᠠᠨ ᠤ᠋ ᠪᠣᠯᠤᠨ ᠵᠠᠢ ᠠ᠋ᠴᠠ ᠲᠠᠩᠳᠠᠨ ᠰᠤᠳᠤᠯᠤᠯ ᠤ᠋ᠨ ᢈᠢᠮᠡᠯ ᠳᠠᠭᠠᠭᠤᠯᠢ ᠶ᠋ᠢ ᠦᠢᠯᠡ ᠠᠵᠢᠯᠯᠠᠭᠠᠨ ᠳ᠋᠋ᠠᠭᠠᠨ ᠠᠰᠢᠭᠯᠠᠳᠠᠭ ᠲᠥᠷᠦ ᠶ᠋ᠢᠨ ᠪᠣᠯᠤᠨ ᠬᠤᠪᠢ ᠶ᠋ᠢᠨ ᢈᠡᠪᠰᠢᠯ ᠦ᠋ᠨ ᠪᠠᠶᠢᠭᠤᠯᠤᠯᠭᠠ ᠶ᠋ᠢᠨ ᠲᠥᠯᠦᢉᠡᠯᠡᠯ᠂ ᠰᠢᠨᠵᠢᠯᠡᢈᠦ ᠤᠬᠠᠭᠠᠨ ᠤ᠋ ᠠᠻᠠᠳ᠋ᠧᠮᠢ᠂ ᠶᠡᢈᠡ᠂ ᠳᠡᢉᠡᠳᠦ ᠰᠤᠷᠭᠠᠭᠤᠯᠢ᠂ ᠲᠥᠷᠦ ᠶ᠋ᠢᠨ ᠪᠤᠰᠤ ᠪᠠᠶᠢᠭᠤᠯᠤᠯᠭᠠ ᠶ᠋ᠢᠨ ᠡᠷᠳᠡᠮᠲᠡᠨ ᠰᠤᠳᠤᠯᠤᠭᠠᠴᠢᠳ ᠵᠡᠷᢉᠡ ᠓᠐ ᠣᠷᠴᠢᠮ ᠪᠠᠶᠢᠭᠤᠯᠤᠯᠭᠠ ᠶ᠋ᠢᠨ ᠑᠕᠐ ᠭᠠᠷᠤᠢ ᠲᠥᠯᠦᢉᠡᠯᠡᢉᠴᠢ ᠣᠷᠤᠯᠴᠠᠭᠰᠠᠨ ᠪᠥᢉᠡᠳ ᢈᠡᠯᠡᠯᠴᠡᢉᠦᠯᢉᠡ ᠡᠴᠡ ᠵᠥᠪᠯᠡᠮᠵᠢ ᠭᠠᠷᠭᠠᠵᠤ ᠰᠠᠨᠰᠠᠷ ᠤ᠋ᠨ ᠪᠣᠳᠤᠯᠭᠠ ᠶ᠋ᠢᠨ ᠦᠨᠳᠦᠰᠦᠨ ᠦ᠋ ᠵᠥᠪᠯᠡᠯ ᠳ᠋ᠦ ᢈᠦᠷᢈᠡᢉᠦᠯᢈᠦ ᠪᠡᠷ ᠰᠢᠢᠳᠪᠦᠷᠢᠯᠡᠪᠡ᠃