“ᠴᠠᢈᠢᠮ ᠵᠠᠯᠢᠯᠠᠨ ᠠ᠋ᠴᠠ ᠰᠡᠷᢉᠡᠶᠢᠯᠡᠶ᠎ᠡ” ᠠᠶᠠᠨ ᠡᢈᠢᠯᠡᠯ᠎ᠡ

᠒᠐᠒᠖.᠐᠕.᠒᠐
“ᠴᠠᢈᠢᠮ ᠵᠠᠯᠢᠯᠠᠨ ᠠ᠋ᠴᠠ ᠰᠡᠷᢉᠡᠶᠢᠯᠡᠶ᠎ᠡ” ᠠᠶᠠᠨ ᠤ᠋ ᢈᠦᠷᠢᠶᠡᠨ ᠳ᠋ᠦ:\nᠴᠠᢈᠢᠮ ᠵᠠᠯᠢᠯᠠᠨ ᠤ᠋ ᠨᠡᠶᠢᠲᠡᠯᠢᢉ ᠠᠷᠭ᠎ᠠ᠂ᢈᠡᠯᠪᠡᠷᠢ ᠨᠦ᠋ᢉᠦᠳ ᠢ᠋ ᠣᠯᠠᠨ ᠨᠡᠶᠢᠲᠡ ᠳ᠋ᠦ ᠲᠠᠨᠢᠭᠤᠯᠬᠤ\nᠤᠷᠢᠳᠴᠢᠯᠠᠨ ᠰᠡᠷᢉᠡᠶᠢᠯᠡᢈᠦ ᠵᠥᠪᠯᠡᠮᠵᠢ᠂ᠰᠡᠷᠡᠮᠵᠢᠯᠡᢉᠦᠯᢉᠡ ᠶ᠋ᠢ ᠲᠣᠭᠲᠠᠮᠠᠯ ᢈᠦᠷᢉᠡᢈᠦ\nᠢᠷᢉᠡᠳ ᠦ᠋ᠨ ᠴᠠᢈᠢᠮ ᠣᠷᠴᠢᠨ ᠤ᠋ ᠠᠶᠤᠯ ᠦᢉᠡᠢ ᠪᠠᠶᠢᠳᠠᠯ ᠤ᠋ᠨ ᠮᠡᠳᠡᠯᢉᠡ ᠶ᠋ᠢ ᠳᠡᢉᠡᢉᠰᠢᠯᠡᢉᠦᠯᢈᠦ\nᠪᠠᠩᠻᠢ ᠶ᠋ᠢᠨ ᠨᠡᠷ᠎ᠡ᠂ᠨᠢᠭᠤᠴᠠ ᠦᢉᠡ ᠪᠡᠨ ᠪᠤᠰᠤᠳ ᠲᠤ ᠳᠠᠮᠵᠢᠭᠤᠯᠬᠤ ᠦᢉᠡᠢ ᠪᠠᠶᠢᠬᠤ\nᠬᠤᠪᠢ ᠶ᠋ᠢᠨ ᠮᠡᠳᠡᢉᠡᠯᠡᠯ ᠢ᠋ᠶᠡᠨ ᠬᠠᠮᠠᠭᠠᠯᠠᠬᠤ ᠳᠠᠳᠤᠯ ᠢ᠋ ᢈᠡᠪᠰᠢᢉᠦᠯᢈᠦ ᢈᠦᠷᠢᠶᠡᠨ ᠳ᠋ᠦ ᠨᠡᠶᠢᠲᠡ ᠒᠕ ᠠᠷᠭ᠎ᠠ ᢈᠡᠮᠵᠢᠶ᠎ᠡ ᠶ᠋ᠢ ᢈᠡᠷᠡᢉᠵᠢᢉᠦᠯᢈᠦ ᠶᠤᠮ᠃ ᠢᠩᢉᠢᢉᠰᠡᠨ ᠢ᠋ᠶᠡᠷ:\nᠢᠷᢉᠡᠳ ᠴᠠᢈᠢᠮ ᠵᠠᠯᠢᠯᠠᠨ ᠤ᠋ ᢉᠡᠮᠲᠦ ᢈᠡᠷᠡᢉ ᠦ᠋ᠨ ᠲᠠᠯᠠᠭᠠᠷᢈᠢ ᠣᠶᠢᠯᠠᠭᠠᠯᠲᠠ᠂ ᠮᠡᠳᠡᠯᢉᠡᠲᠡᠢ ᠪᠣᠯᠵᠤ᠂ ᠤᠷᠢᠳᠴᠢᠯᠠᠨ ᠰᠡᠷᢉᠡᠶᠢᠯᠡᢈᠦ ᠴᠢᠳᠠᠪᢈᠢ ᠳ᠋ᠤ ᠰᠤᠷᠤᠯᠴᠠᠨ᠎ᠠ᠃ ᠢᠷᢉᠡᠳ ᠥᠪᠡᠷ ᠲᠦ ᠪᠣᠯᠤᠨ ᠪᠤᠰᠤᠳ ᠲᠤ ᠤᠴᠠᠷᠠᠵᠤ ᠪᠣᠯᠵᠤᠰᠢ ᠦᢉᠡᠢ ᠡᠷᠦᠰᠳᠡᠯ ᠢ᠋ ᠦᠨᠡᠯᠡᢈᠦ᠂ ᠤᠷᠢᠳᠴᠢᠯᠠᠨ ᠲᠠᠨᠢᠬᠤ᠂ ᠦᠨᠡᠯᠡᢈᠦ ᠴᠢᠳᠠᠮᠵᠢᠲᠠᠢ ᠪᠣᠯᠤᠨ᠎ᠠ᠃ ᠴᠠᢈᠢᠮ ᠵᠠᠯᠢᠯᠠᠬᠤ ᢉᠡᠮᠲᠦ ᢈᠡᠷᠡᢉ ᠦ᠋ᠨ ᠭᠠᠷᠤᠯᠲᠠ ᠒᠐᠒᠖ ᠣᠨ ᠤ᠋ ᠵᠢᠯ ᠦ᠋ᠨ ᠡᠴᠦᠰ ᠲᠦ ᠲᠣᠳᠤᠷᠬᠠᠢ ᠬᠤᠪᠢ ᠪᠠᠷ ᠪᠠᠭᠤᠷᠠᠭᠰᠠᠨ ᠪᠠᠶᠢᠨ᠎ᠠ᠃