ᠥᠷᢉᠡᠨ ᠨᠡᠪᠲᠡᠷᠡᢉᠦᠯᢉᠡ ᠶ᠋ᠢᠨ ᢈᠥᢉᠵᠢᠯ–᠒᠐᠒᠕” ᠹᠣᠷᠦᠮ ᠠᠮᠵᠢᠯᠲᠠ ᠲᠠᠢ ᠵᠣᢈᠢᠶᠠᠨ ᠪᠠᠶᠢᠭᠤᠯᠤᠭᠳᠠᠯ᠎ᠠ

ᠻᠣᠨ᠋ᠲ᠋ᠧᠨ᠋ᠲ ᠦᠢᠯᠡᠳᠪᠦᠷᠢᠯᠡᠯ᠂ ᠳᠠᠮᠵᠢᠭᠤᠯᠬᠤ ᠣᠷᠴᠢᠨ ᠤ᠋ ᠥᢉᠡᠷᠡᠴᠢᠯᠡᠯᠲᠡ ᠪᠣᠯᠤᠨ ᠲᠧᠻᠨᠣᠯᠣᢉᠢ ᠶ᠋ᠢᠨ ᠰᠢᠨᠡᠴᠢᠯᠡᠯ ᠪᠣᠯᠤᠨ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭ᠎ᠠ ᠶ᠋ᠢ ᠡᠷᠴᠢᠮᠵᠢᢉᠦᠯᢈᠦ ᠴᠢᢉᠯᠡᠯ ᠳ᠋ᠦ ᢈᠡᠯᠡᠯᠴᠡᢉᠦᠯᢉᠡ ᠥᠷᠨᠢᢉᠦᠯᠵᠦ ᢈᠡᠯᠡᠯᠴᠡᠯ᠎ᠡ᠃

ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠒᠐᠒᠕ ᠣᠨ ᠤ᠋ ᠕-ᠷ ᠰᠠᠷ᠎ᠠ ᠶ᠋ᠢᠨ ᠐᠙-ᠨᠢ ᠡᠳᠦᠷ “ᠥᠷᢉᠡᠨ ᠨᠡᠪᠲᠡᠷᠡᢉᠦᠯᢉᠡ ᠶ᠋ᠢᠨ ᢈᠥᢉᠵᠢᠯ–᠒᠐᠒᠕” ᠹᠣᠷᠦ᠋ᠮ ᠢ᠋ ᠠᠮᠵᠢᠯᠲᠠᠲᠠᠢ ᠵᠣᢈᠢᠶᠠᠨ ᠪᠠᠶᠢᠭᠤᠯᠤᠯ᠎ᠠ᠃ ᠹᠣᠷᠦ᠋ᠮ ᠤ᠋ᠨ ᠦᠶ᠎ᠡ ᠪᠡᠷ ᠡᠷᢉᠦᠨ ᠨᠡᠪᠲᠡᠷᠡᢉᠦᠯᢉᠡ ᠶ᠋ᠢᠨ ᠰᠠᠯᠪᠤᠷᠢ ᠶ᠋ᠢᠨ ᢈᠥᢉᠵᠢᠯ ᠦ᠋ᠨ ᠴᠢᢉ ᠬᠠᠨᠳᠤᠯᠭ᠎ᠠ᠂ᠻᠣᠨ᠋ᠲ᠋ᠧᠨ᠋ᠲ ᠪᠦᠲᠦᢉᠡᠯ ᠦᠢᠯᠡᠳᠪᠦᠷᠢᠯᠡᠯ᠂ ᠳᠠᠮᠵᠢᠭᠤᠯᠬᠤ ᠣᠷᠴᠢᠨ ᠤ᠋ ᠥᢉᠡᠷᠡᠴᠢᠯᠡᠯᠲᠡ ᠪᠣᠯᠤᠨ ᠲᠧᠻᠨᠣᠯᠣᢉᠢ ᠶ᠋ᠢᠨ ᠰᠢᠨᠡᠴᠢᠯᠡᠯ ᠪᠣᠯᠤᠨ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭ᠎ᠠ ᠶ᠋ᠢ ᠡᠷᠴᠢᠮᠵᠢᢉᠦᠯᢈᠦ ᠴᠢᢉᠯᠡᠯ ᠳ᠋ᠦ ᠦᠢᠯᠡᠴᠢᠯᠡᢉᠡ ᠡᠷᢈᠢᠯᠡᢉᠴᠢᠳ ᠦ᠋ᠨ ᠳᠤᠮᠳᠠ ᢈᠡᠯᠡᠯᠴᠡᢉᠦᠯᢉᠡ ᠥᠷᠨᠢᢉᠦᠯᠵᠦ᠂ ᠠᠰᠠᠭᠤᠳᠠᠯ ᠢ᠋ ᠥᠷᢉᠡᠨ ᢈᠦᠷᠢᠶᠡᠨ ᠳ᠋ᠦ ᢈᠡᠯᠡᠯᠴᠡᠯ᠎ᠡ᠃

ᠹᠣᠷᠦ᠋ᠮ ᠳ᠋ᠤ ᠭᠠᠳᠠᠭᠠᠳᠤ ᠪᠣᠯᠤᠨ ᠳᠣᠲᠤᠭᠠᠳᠤ ᠶ᠋ᠢᠨ ᠲᠧᠯᠧᠸᠢᠽ ᠦ᠋ᠳ᠂ ᠻᠣᠨ᠋ᠲ᠋ᠧᠨ᠋ᠲ ᠪᠦᠲᠦᢉᠡᢉᠴᠢᠳ ᠮᠡᠷᢉᠡᠵᠢᠯ ᠦ᠋ᠨ ᠬᠣᠯᠪᠤᠭᠠᠳ᠂ ᠪᠣᠳᠤᠯᠭ᠎ᠠ ᠪᠣᠯᠪᠠᠰᠤᠷᠠᠭᠤᠯᠤᠭᠴᠢ᠂ ᠵᠣᢈᠢᠴᠠᠭᠤᠯᠤᠭᠴᠢ ᠪᠠᠶᠢᠭᠤᠯᠤᠯᠭ᠎ᠠ ᠶ᠋ᠢᠨ ᠲᠥᠯᠦᢉᠡᠯᠡᠯ ᠡᠴᠡ ᠪᠦᠷᠢᠳᠦᢉᠰᠡᠨ ᠙᠐ ᠭᠠᠷᠤᠢ ᠵᠣᠴᠢᠳ ᠲᠥᠯᠦᢉᠡᠯᠡᢉᠴᠢ ᠣᠷᠤᠯᠴᠠᠪᠠ᠃

ᠲᠤᠬᠠᠶᠢᠯᠠᠪᠠᠯ᠂ ᠪᠥᠰᠦ- ᠤ᠋ᠨ Arirang᠂ᠹ᠂ MBC Plus᠂ᠹ᠂ KBC ᠲᠧᠯᠧᠸᠢᠽ᠂ ᠻᠣᠨᠲ᠋ᠧᠨᠲ ᠪᠦᠲᠦᢉᠡᠯ ᠪᠠ ᠲᠦᢉᠡᢉᠡᠯᠲᠡ ᠶ᠋ᠢᠨ Busan Content Market ᠻᠣᠮᠫᠠᠨᠢ᠂ ᠮᠥᠨ Magic Image᠂ᠹ᠂ Character Link᠂ᠹ᠂ Weo᠂ᠹ᠂ RoiVisual ᠵᠡᠷᢉᠡ ᠻᠣᠮᠫᠠᠨᠢ ᠶ᠋ᠢᠨ ᠤᠳᠤᠷᠢᠳᠤᠯᠭ᠎ᠠ᠂ ᠲᠥᠯᠦᢉᠡᠯᠡᠯ ᠦ᠋ᠳ ᠣᠷᠤᠯᠴᠠᠯ᠎ᠠ᠃ ᠡᢉᠦᠨ ᠡᠴᠡ ᠭᠠᠳᠠᠨ᠎ᠠ ᠲᠧᠻᠨᠤᠯᠤᢉᠢ ᠶ᠋ᠢᠨ ᠴᠢᢉᠯᠡᠯ ᠢ᠋ᠶᠡᠷ ᠰᠢᠩᠭᠠᠫᠦ᠋ᠷ ᠤᠯᠤᠰ ᠤ᠋ᠨ Brainstorm᠂ᠹ᠂ Whiteways Systems᠂ ᠦᠻᠷᠠᠶᠢᠨ ᠤ᠋ Animagic ᠵᠡᠷᢉᠡ ᠻᠣᠨ᠋ᠲ᠋ᠧᠨ᠋ᠲ ᠪᠦᠲᠦᢉᠡᠯ᠂ ᠫᠯᠠᠲ᠋ᠹᠣᠷᠮ ᠤ᠋ᠨ ᠻᠣᠮᠫᠠᠨᠢ ᠨᠤᠭᠤᠳ ᠤ᠋ᠨ ᠲᠥᠯᠦᢉᠡᠯᠡᢉᠴᠢᠳ ᢈᠦᠷᠦᠯᠴᠡᠨ ᠢᠷᠡᢉᠰᠡᠨ᠃ ᠹᠣᠷᠦ᠋ᠮ ᠤ᠋ᠨ ᢈᠦᠷᠢᠶᠡᠨ ᠳ᠋ᠦ ᠰᠡᢉᠦᠯ ᠦ᠋ᠨ ᠵᠢᠯ ᠦ᠋ᠳ ᠲᠦ ᢈᠡᠷᠡᢉᠯᠡᢉᠴᠢ ᠶ᠋ᠢᠨ ᠻᠣᠨ᠋ᠲ᠋ᠧᠨ᠋ᠲ ᠦᠵᠡᢈᠦ ᠵᠠᠩ ᠲᠥᠯᠦᠪ ᠬᠤᠷᠳᠤ ᠲᠠᠢ ᠥᢉᠡᠷᠡᠴᠢᠯᠡᢉᠳᠡᠵᠦ᠂ ᠰᠣᠱᠢᠶᠠᠯ ᠮᠧᠳᠢᠠ᠂ ᠣᠲᠤᠲᠤ ᠦᠶᠢᠯᠡᠴᠢᠯᠡᢉᠡ᠂ ᠰᠲ᠋ᠷᠢᠮᠢᠨ ᠢ᠋ ᠫᠯᠠᠲ᠋ᠹᠤᠷᠮ ᠤ᠋ᠳ (Netflix᠂ᠤ‍᠂ ᠹ‍᠂᠂ YouTube᠂ᠹ᠂ TikTok ᢉᠡᢈᠦ ᠮᠡᠲᠦ) ᠡᠷᠴᠢᠮᠲᠡᠢ ᠨᠡᠪᠲᠡᠷᠡᠵᠦ ᠪᠤᠢ ᠡᠨᠡ ᠦᠶ᠎ᠡ ᠳ᠋ᠦ ᠮᠣᠩᠭᠣᠯ ᠤᠯᠤᠰ ᠤ᠋ᠨ ᠲᠧᠯᠧᠸᠢᠽ ᠦ᠋ᠨ ᠥᠷᢉᠡᠨ ᠨᠡᠪᠲᠡᠷᠡᢉᠦᠯᢉᠡ ᠶ᠋ᠢᠨ ᠵᠠᠬ᠎ᠠ ᠵᠡᢉᠡᠯᠢ ᠶ᠋ᠢᠨ ᠨᠥᢈᠦᠴᠡᠯ ᠪᠠᠶᠢᠳᠠᠯ᠂ ᠣᠷᠤᠯᠭ᠎ᠠ ᠶ᠋ᠢᠨ ᠬᠠᠨᠳᠤᠯᠭ᠎ᠠ᠂ ᠣᠯᠠᠨ ᠰᠤᠪᠠᠭ ᠤ᠋ᠨ ᠳᠠᠮᠵᠢᠭᠤᠯᠬᠤ ᠦᠢᠯᠡᠴᠢᠯᠡᢉᠡᠨ ᠦ᠋ ᠲᠧᠻᠨᠣᠯᠣᢉᠢ ᠶ᠋ᠢᠨ ᢈᠥᢉᠵᠢᠯ᠂ ᠡᠳᠡᢉᠡᠷ ᠥᢉᠡᠷᠡᠴᠢᠯᠡᠯᠲᠡ ᠰᠠᠯᠪᠤᠷᠢ ᠳ᠋ᠤ ᢈᠡᠷᢈᠢᠨ ᠨᠥᠯᠦᢉᠡᠯᠡᠵᠦ ᠪᠠᠶᠢᠭ᠎ᠠ ᠶ᠋ᠢ ᢈᠡᠯᠡᠯᠴᠡᠯ᠎ᠡ᠃ ᠮᠥᠨ ᠳᠡᠯᠡᢈᠡᠢ ᠳᠠᢈᠢᠨ ᠤ᠋ ᠥᠷᢉᠡᠨ ᠨᠡᠪᠲᠡᠷᠡᢉᠦᠯᢉᠡ ᠶ᠋ᠢᠨ ᠰᠠᠯᠪᠤᠷᠢ ᠶ᠋ᠢᠨ ᠵᠠᠬ᠎ᠠ ᠵᠡᢉᠡᠯᠢ ᠶ᠋ᠢᠨ ᠴᠢᢉ ᠬᠠᠨᠳᠤᠯᠭ᠎ᠠ ᠶ᠋ᠢᠨ ᠲᠠᠯᠠᠭᠠᠷ ᠣᠯᠠᠨ ᠤᠯᠤᠰ ᠤ᠋ᠨ ᠵᠥᠪᠯᠡᢈᠦ᠂ ᠰᠤᠳᠤᠯᠭᠠᠨ ᠤ᠋ ᠪᠠᠶᠢᠭᠤᠯᠤᠯᠭ᠎ᠠ ᠨᠤᠭᠤᠳ ᠤ᠋ᠨ ᠭᠠᠷᠭᠠᠭᠰᠠᠨ ᠲᠠᠶᠢᠯᠤᠨ ᠳ᠋ᠤ ᠰᠠᠭᠤᠷᠢᠯᠠᠨ ᠲᠣᠪᠴᠢ ᠮᠡᠳᠡᢉᠡᠯᠡᠯ ᠥᢉᢉᠦᢉᠰᠡᠨ ᠶᠤᠮ᠃ ᠲᠡᢉᠦᠨᠴᠢᠯᠡᠨ ᠻᠣᠨ᠋ᠲ᠋ᠧᠨ᠋ᠲ ᠪᠦᠲᠦᢉᠡᠯ᠂ ᠳᠠᠮᠵᠢᠭᠤᠯᠤᠯᠲᠠ ᠶ᠋ᠢᠨ ᠣᠷᠴᠢᠨ ᠳ᠋ᠤ ᠭᠠᠷᠴᠤ ᠪᠤᠢ ᠲᠧᠻᠨᠣᠯᠣᢉᠢ ᠶ᠋ᠢᠨ ᠳᠡᠪᠰᠢᠯ᠂ ᠲᠤᠬᠠᠶᠢᠯᠠᠪᠠᠯ ᢈᠢᠮᠡᠯ ᠣᠶᠤᠨ ᠤᠬᠠᠭᠠᠨ ᠢ᠋ ᠮᠡᠳᠡᢉᠡᠨ ᠦ᠋ ᠰᠲ᠋ᠦ᠋ᠳᠢ ᠶ᠋ᠢᠨ ᠠᠵᠢᠯ ᠤ᠋ᠨ ᠤᠷᠤᠰᠬᠠᠯ ᠳ᠋ᠤ ᢈᠡᠷᢈᠢᠨ ᠠᠰᠢᠭᠯᠠᠵᠤ ᠪᠠᠶᠢᠭ᠎ᠠ᠂ ᠸᠢᠷᠲ᠋ᠦᠸᠠᠯ ᠦᠢᠯᠡᠳᠪᠦᠷᠢᠯᠡᠯ᠂ ᠡᢉᠦᠯᠡᠨ ᠲᠧᠻᠨᠤᠯᠤᢉᠢ᠂ ᠣᠯᠠᠨ ᠰᠤᠪᠠᠭ ᠳᠠᠮᠵᠢᠭᠤᠯᠤᠭᠴᠢᠳ᠂ ᠲᠧᠯᠧᠸᠢ ᠪᠠᠨ ᠨᠦ᠋ᢉᠦᠳ ᠦ᠋ᠨ ᢈᠡᠷᠡᢉᠵᠢᢉᠦᠯᠵᠦ ᠪᠤᠢ ᠲᠤᠷᠰᠢᠯᠭ᠎ᠠ ᠵᠡᠷᢉᠡ ᠶ᠋ᠢ ᠲᠠᠨᠢᠯᠴᠠᠭᠤᠯᠤᠭᠰᠠᠨ᠃ ᠮᠣᠩᠭᠣᠯ ᠤᠯᠤᠰ ᠔ᠻ ᠲᠧᠻᠨᠣᠯᠣᢉᠢ ᠳ᠋ᠤ ᠰᠢᠯᠵᠢᢈᠦ ᠦᠢᠯᠡ ᠶᠠᠪᠤᠴᠠ᠂ ᠡᠨᠡ ᢈᠦᠷᠢᠶᠡᠨ ᠳ᠋ᠦ ᠲᠧᠯᠧᠸᠢᠽ ᠦ᠋ᠳ ᠪᠣᠯᠤᠨ ᠳᠠᠮᠵᠢᠭᠤᠯᠤᠭᠴᠢ ᠲᠠᠯ᠎ᠠ ᠨᠤᠭᠤᠳ ᠤ᠋ᠨ ᠠᠪᠴᠤ ᠪᠤᠢ ᠠᠷᠭ᠎ᠠ ᢈᠡᠮᠵᠢᠶ᠎ᠡ᠂ ᠲᠤᠯᠭᠠᠮᠳᠠᠵᠤ ᠪᠤᠢ ᠠᠰᠠᠭᠤᠳᠠᠯ᠂ ᢈᠦᠯᠢᠶᠡᢉᠳᠡᠵᠦ ᠪᠤᠢ ᠦᠷ᠎ᠡ ᠳ᠋ᠦᠩ ᠦ᠋ᠨ ᠲᠠᠯᠠᠭᠠᠷ ᠴᠤ ᢈᠡᠯᠡᠯᠴᠡᠪᠡ᠃

ᠻᠣᠨᠲ᠋ᠧᠨᠲ ᠪᠦᠲᠦᢉᠡᢈᠦ ᠬᠠᠮᠲᠤ ᠶ᠋ᠢᠨ ᠠᠵᠢᠯᠯᠠᠭ᠎ᠠ᠂ ᠹᠣᠷᠮᠠᠲ ᠬᠤᠳᠠᠯᠳᠤᠨ ᠠᠪᠬᠤ ᠠᠰᠠᠭᠤᠳᠠᠯ ᠢ᠋ᠶᠠᠷ: Arirang TV ᠪᠣᠯᠤᠨ ᠪᠣᠯᠪᠠᠰᠤᠷᠠᠯ ᠲᠧᠯᠧᠸᠢᠽ ᠦ᠋ᠨ ᠵᠦᢉ ᠡᠴᠡ ᠣᠯᠠᠨ ᠤᠯᠤᠰ ᠤ᠋ᠨ ᠹᠣᠷᠮᠠᠲ ᠪᠣᠯᠤᠨ ᠬᠠᠮᠲᠤᠷᠠᠭᠰᠠᠨ ᠪᠦᠲᠦᢉᠡᠯ ᠦᠶᠢᠯᠡᠳᠪᠦᠷᠢᠯᠡᠯ ᠦ᠋ᠨ ᠲᠤᠷᠰᠢᠯᠭ᠎ᠠ᠂ᠡᠶᠢᠮᠦ ᠲᠥᠷᠦᠯ ᠦ᠋ᠨ ᠱᠣᠦ᠂ ᠻᠣᠨ᠋ᠲ᠋ᠧᠨ᠋ᠲ ᢈᠢᢈᠦ ᠶ᠋ᠢᠨ ᠳᠠᠪᠠᠭᠤ ᠲᠠᠯ᠎ᠠ᠂ ᠦᠷ᠎ᠡ ᠥᢉᢉᠦᢉᠡᠵᠢ ᠶ᠋ᠢᠨ ᠲᠠᠯᠠᠭᠠᠷ ᠲᠠᠨᠢᠯᠴᠠᠭᠤᠯᠭ᠎ᠠ ᢈᠢᠪᠡ᠃ ᠮᠣᠩᠭᠣᠯ ᠤ᠋ᠨ ᠻᠢᠨᠣ᠋ ᠤᠷᠠᠯᠢᠭ ᠤ᠋ᠨ ᠵᠥᠪᠯᠡᠯ ᠡᠴᠡ ᠣᠯᠠᠨ ᠤᠯᠤᠰ ᠤ᠋ᠨ ᠰᠲ᠋ᠦ᠋ᠳᠢ ᠨᠦ᠋ᢉᠦᠳ ᠮᠣᠩᠭᠣᠯ ᠤᠯᠤᠰ ᠲᠤ ᠻᠢᠨᠣ᠋ ᠵᠢᠷᠤᠭ ᠠᠪᠤᠯᠲᠠ ᢈᠢᢈᠦ ᠪᠣᠯᠤᠮᠵᠢ᠂ ᠲᠥᠷᠦ ᠡᠴᠡ ᠦᠵᠡᢉᠦᠯᠵᠦ ᠪᠤᠢ ᠳᠡᠮᠵᠢᠯᢉᠡ᠂ ᢈᠥᠩᢉᠡᠯᠡᠯᠲᠡ ᠨᠦ᠋ᢉᠦᠳ᠂ ᠮᠥᠨ ᠦᠨᠳᠦᠰᠦᠨ ᠦ᠋ ᠻᠢᠨᠣ᠋ ᠻᠣᠨ᠋ᠲ᠋ᠧᠨ᠋ᠲ ᠢ᠋ ᠭᠠᠳᠠᠭᠠᠳᠤ ᠶ᠋ᠢᠨ ᠵᠠᠬ᠎ᠠ ᠵᠡᢉᠡᠯᠢ ᠳ᠋ᠦ ᠭᠠᠷᠭᠠᠬᠤ ᠪᠣᠯᠤᠮᠵᠢ ᠶ᠋ᠢᠨ ᠲᠠᠯᠠᠭᠠᠷ ᠮᠡᠳᠡᢉᠡᠯᠡᠯ ᠥᢉᢉᠦᢉᠰᠡᠨ᠃ ᠮᠥᠨ ᠣᠷᠤᠨ ᠨᠤᠲᠤᠭ ᠤ᠋ᠨ ᠲᠧᠯᠧᠸᠢ ᠰᠦᠨ ᠦ᠋ᠳ ᠦ᠋ᠨ “ᠭᠠᠯ ᢈᠥᢉᠵᠢᠯ” ᠬᠣᠯᠪᠤᠭᠠᠨ ᠠ᠋ᠴᠠ ᠣᠷᠤᠨ ᠨᠤᠲᠤᠭ ᠤ᠋ᠨ ᠣᠨᠴᠠᠯᠢᠭ᠂ ᠲᠡᠦᢈᠡ᠂ ᠰᠣᠶᠤᠯ ᠤ᠋ᠨ ᠴᠢᢉᠯᠡᠯ ᠢ᠋ᠶᠡᠷ ᠳᠣᠲᠤᠭᠠᠳᠤ᠂ ᠭᠠᠳᠠᠭᠠᠳᠤ ᠶ᠋ᠢᠨ ᠲᠧᠯᠧᠸᠢᠽ ᠦ᠋ᠳ ᠲᠡᠢ ᠬᠠᠮᠲᠤᠷᠠᠨ ᠠᠵᠢᠯᠯᠠᠬᠤ ᠰᠣᠨᠢᠷᠬᠠᠯ᠂ ᠪᠡᠯᠡᠨ ᠪᠠᠶᠢᠳᠠᠯ ᠢ᠋ᠶᠠᠨ ᠢᠯᠡᠷᢈᠡᠶᠢᠯᠡᠪᠡ᠃

ᠹᠣᠷᠦᠮ ᠤ᠋ᠨ ᢈᠦᠷᠢᠶ ᠡᠨ ᠳ᠋ᠦ “ᠻᠣᠨ᠋ᠲ᠋ᠧᠨ᠋ᠲ᠂ ᠪᠦᠲᠦᢉᠡᠯ᠂ ᠬᠠᠮᠲᠤ ᠶ᠋ᠢᠨ ᠠᠵᠢᠯᠯᠠᠭᠠᠨ ᠤ᠋ ᠲᠠᠨᠢᠯᠴᠠᠭᠤᠯᠭ᠎ᠠ – ᠠᠭᠤᠯᠵᠠᠯᠲᠠ ᠶ᠋ᠢᠨ ᢈᠡᠰᠡᢉ” ᠠᠵᠢᠯᠯᠠᠵᠤ᠂ ᠣᠷᠤᠯᠴᠠᠭᠴᠢᠳ ᠥᠪᠡᠷᠰᠡᠳ ᠦ᠋ᠨ ᠪᠦᠲᠦᢉᠡᢉᠳᠡᢈᠦᠨ᠂ ᠦᠢᠯᠡᠴᠢᠯᠡᢉᠡ᠂ ᠦᠢᠯᠡ ᠠᠵᠢᠯᠯᠠᠭ᠎ᠠ ᠪᠠᠨ ᠬᠠᠷᠢᠯᠴᠠᠨ ᠲᠠᠨᠢᠯᠴᠠᠭᠤᠯᠵᠤ᠂ ᠲᠤᠷᠰᠢᠯᠭ᠎ᠠ᠂ ᠮᠡᠳᠡᠯᢉᠡ ᠪᠡᠨ ᠬᠤᠪᠢᠶᠠᠯᠴᠠᠭᠰᠠᠨ ᠠᠭᠤᠯᠵᠠᠯᠲᠠ ᠨᠤᠭᠤᠳ ᠢ᠋ ᠵᠣᢈᠢᠶᠠᠨ ᠪᠠᠶᠢᠭᠤᠯᠤᠯ᠎ᠠ᠃ ᠡᠨᠡ ᢈᠦ ᢈᠡᠰᠡᢉ ᠲᠦ ᠮᠣᠩᠭᠤᠯ ᠤᠯᠤᠰ ᠠ᠋ᠴᠠ ᠻᠣᠨᠲ᠋ᠧᠨᠲ ᠪᠦᠲᠦᢉᠡᢉᠴᠢ ᠬᠣᠶᠠᠷ ᠫᠷᠣᠳᠠᠻᠱᠢᠨ᠂ ᠤᠯᠠᠭᠠᠨᠪᠠᠭᠠᠲᠤᠷ ᠪᠣᠯᠤᠨ ᠣᠷᠤᠨ ᠨᠤᠲᠤᠭ ᠤ᠋ᠨ ᠑᠐ ᠭᠠᠷᠤᠢ ᠲᠣᠮᠤᠬᠠᠨ ᠲᠧᠯᠧᠸᠢᠽ ᠣᠷᠤᠯᠴᠠᠭᠰᠠᠨ ᠪᠥᢉᠡᠳ ᠪᠨᠰᠦ᠂ ᠰᠢᠩᠭᠠᠫᠦ᠋ᠷ᠂ ᠦᠻᠷᠠᠶᠢᠨ᠋ ᠵᠡᠷᢉᠡ ᠤᠯᠤᠰ ᠤ᠋ᠳ ᠠ᠋ᠴᠠ ᢈᠦᠷᠦᠯᠴᠡᠨ ᠢᠷᠡᢉᠰᠡᠨ ᠲᠧᠯᠧᠸᠢᠽ᠂ ᠫᠷᠣᠳᠠᠻᠱᠢᠨ᠋᠂ ᠫᠯᠠᠲ᠋ᠹᠣᠷᠮ ᠤ᠋ᠨ ᠻᠣᠮᠫᠠᠨᠢ ᠨᠤᠭᠤᠳ ᠥᠪᠡᠷᠰᠡᠳ ᠦ᠋ᠨ ᠪᠦᠲᠦᢉᠡᠯ᠂ ᠦᠢᠯᠡ ᠠᠵᠢᠯᠯᠠᠭᠠᠨ ᠤ᠋ ᠣᠨᠴᠠᠯᠢᠭ ᠢ᠋ ᠲᠠᠨᠢᠯᠴᠠᠭᠤᠯᠤᠭᠰᠠᠨ ᠶᠤᠮ᠃

ᠡᠨᠡ ᢈᠦ ᠹᠣᠷᠦ᠋ᠮ ᠨᠢ ᠥᠷᢉᠡᠨ ᠨᠡᠪᠲᠡᠷᠡᢉᠦᠯᢉᠡ ᠶ᠋ᠢᠨ ᠰᠠᠯᠪᠤᠷᠢ ᠶ᠋ᠢᠨ ᢈᠥᢉᠵᠢᠯ ᠦ᠋ᠨ ᠥᠨᠦ ᠶ᠋ᠢᠨ ᠨᠥᢈᠦᠴᠡᠯ ᠪᠠᠶᠢᠳᠠᠯ᠂ ᠲᠤᠯᠭᠠᠮᠳᠠᠵᠤ ᠪᠤᠢ ᠠᠰᠠᠭᠤᠳᠠᠯ᠂ ᠰᠢᠨ᠎ᠡ ᠪᠣᠯᠤᠮᠵᠢ ᠨᠤᠭᠤᠳ ᠤ᠋ᠨ ᠲᠠᠯᠠᠭᠠᠷ ᠥᠷᢉᠡᠨ ᢈᠦᠷᠢᠶᠡᠲᠡᠢ ᢈᠡᠯᠡᠯᠴᠡᢉᠦᠯᢉᠡ ᠥᠷᠨᠢᢉᠦᠯᠵᠦ᠂ ᠲᠤᠷᠰᠢᠯᠭ᠎ᠠ ᠰᠣᠯᠢᠯᠴᠠᠬᠤ᠂ ᠬᠠᠮᠲᠤ ᠶ᠋ᠢᠨ ᠠᠵᠢᠯᠯᠠᠭ᠎ᠠ ᠶ᠋ᠢ ᠥᠷᢉᠡᠵᠢᢉᠦᠯᢈᠦ ᠡᢈᠢᠯᠡᠯ ᠢ᠋ ᠲᠠᠯᠪᠢᠬᠤ ᠴᠢᠬᠤᠯᠠ ᠲᠠᠯᠠᠪᠤᠷ ᠪᠣᠯᠤᠯ᠎ᠠ᠃

ᠥᠷᢉᠡᠨ ᠨᠡᠪᠲᠡᠷᠡᢉᠦᠯᢉᠡ ᠶ᠋ᠢᠨ ᠵᠣᢈᠢᠴᠠᠭᠤᠯᠤᠯᠲᠠ ᠶ᠋ᠢᠨ ᠭᠠᠵᠠᠷ