ᠨᠦᠪ- ᠤ᠋ᠨ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠴᠢᢉᠯᠡᠯ ᠦ᠋ᠨ ᠲᠥᠷᠦᠯᠵᠢᢉᠰᠡᠨ ᠪᠠᠶᠢᠭᠤᠯᠤᠯᠭᠠ ᠪᠣᠯᠬᠤ ᠣᠯᠠᠨ ᠤᠯᠤᠰ ᠤ᠋ᠨ ᠴᠠᢈᠢᠯᠭᠠᠨ ᠬᠣᠯᠪᠤᠭᠠᠨ ᠤ᠋ ᠪᠠᠶᠢᠭᠤᠯᠤᠯᠭᠠ ᠒᠐᠑᠑ ᠣᠨ ᠠ᠋ᠴᠠ ᠡᢈᠢᠯᠡᠨ ᠵᠢᠯ ᠪᠦᠷᠢ ᠶ᠋ᠢᠨ ᠔-ᠷ ᠰᠠᠷᠳ᠋ Girls in ICT Day ᠪᠤᠶᠤ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠰᠠᠯᠪᠤᠷᠢ ᠳ᠋ᠠᢈᠢ ᠥᢈᠢᠳ ᠦ᠋ᠨ ᠡᠳᠦᠷ ᠢ᠋ ᠲᠡᠮᠳᠡᢉᠯᠡᠵᠦ ᠢᠷᠡᢉᠰᠡᠨ ᠤᠯᠠᠮᠵᠢᠯᠠᠯ ᠲᠠᠢ᠃ ᠡᠨᠡ ᠣᠨ ᠳ᠋ᠤ “ᠴᠠᢈᠢᠮ ᠰᠢᠯᠵᠢᠯᠲᠡ-ᠥᢈᠢᠳ ᠦ᠋ᠨ ᠣᠷᠤᠯᠴᠠᠭᠠ” ᠤᠷᠢᠶᠠ ᠳᠣᠣᠷᠠ ᠳᠡᠯᠡᢈᠡᠢ ᠨᠡᠶᠢᠲᠡ ᠪᠡᠷ ᠲᠡᠮᠳᠡᢉᠯᠡᠵᠦ ᠪᠠᠶᠢᠨᠠ᠃ Girls in ICT Day ᠰᠠᠨᠠᠭᠠᠴᠢᠯᠠᠭᠠ ᠨᠢ ᠵᠠᠯᠠᠭᠤ ᠡᠮᠡᢉᠲᠡᠢᠢᠴᠦᠳ᠂ ᠥᢈᠢᠳ ᠲᠦ ᠬᠠᠷᠢᠯᠴᠠᠭᠠ ᠬᠣᠯᠪᠤᠭᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠪᠣᠯᠤᠮᠵᠢ ᠶ᠋ᠢ ᠲᠠᠨᠢᠭᠤᠯᠬᠤ᠂ ᠲᠡᠳᠡᠨ ᠢ᠋ ᠴᠢᠳᠠᠪᢈᠢᠵᠢᠭᠤᠯᠬᠤ᠂ ᠡᠨᠡ ᠰᠠᠯᠪᠤᠷᠢ ᠳ᠋ᠤ ᠻᠠᠷᠢᠶᠧᠷ ᠢ᠋ᠶᠠᠨ ᠥᠰᢈᠡᢈᠦ ᠳ᠋ᠦ ᠳᠡᠮᠵᠢᠯᢉᠡ ᠦᠵᠡᢉᠦᠯᢈᠦ ᠵᠣᠷᠢᠯᠭᠠ ᠲᠠᠢ ᠡᠳᠦᠷ ᠶᠤᠮ᠃ ᠮᠣᠩᠭᠣᠯ ᠤᠯᠤᠰ ᠡᠨᠡ ᢈᠦ ᠡᠳᠦᠷ ᠢ᠋ ᠒᠐᠑᠖ ᠣᠨ ᠠ᠋ᠴᠠ ᠬᠣᠶᠢᠰᠢ ᠲᠡᠮᠳᠡᢉᠯᠡᠵᠦ ᠢᠷᠡᢉᠰᠡᠨ᠃ ᠥᠨᠦᠳᠦᠷ /᠒᠐᠒᠕᠂᠐᠔᠂᠓᠐/ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ᠂ᠨᠦᠪ- ᠤ᠋ᠨ ᢈᠡᠦᢈᠡᠳ ᠦ᠋ᠨ ᠰᠠᠩ᠂ “ᠢ-ᠮᠣᠩᠭᠤᠯ ᠠᠻᠠᠳ᠋ᠧᠮᠢ” ᠤᠲᠤᠭ ᠪᠣᠯᠤᠨ ᠮᠣᠩᠭᠣᠯ ᠤ᠋ᠨ ᢈᠡᠦᢈᠡᠳ ᠦ᠋ᠨ ᠵᠥᠪᠯᠡᠯ ᠬᠠᠮᠲᠤᠷᠠᠨ “Girls in ICT Day ᠒᠐᠒᠕” ᠠᠷᠭᠠ ᢈᠡᠮᠵᠢᠶᠡ ᠶ᠋ᠢ ᠥᢈᠢᠳ ᠦ᠋ᠨ ᠴᠠᢈᠢᠮ ᠣᠷᠴᠢᠨ ᠳ᠋ᠤ ᠰᠤᠷᠴᠤ ᢈᠥᢉᠵᠢᢈᠦ᠂ ᠡᠷᢈᠡ ᠪᠡᠨ ᠬᠠᠮᠠᠭᠠᠯᠠᠬᠤ᠂ ᠠᠶᠤᠯ ᠦᢉᠡᠢ ᠪᠠᠶᠢᠳᠠᠯ ᠢ᠋ᠶᠠᠨ ᠬᠠᠩᠭᠠᠬᠤ ᠮᠡᠳᠡᠯᢉᠡ᠂ ᠤᠷᠠ ᠴᠢᠳᠠᠪᠤᠷᠢ ᠶ᠋ᠢ ᠳᠡᢉᠡᢉᠰᠢᠯᠡᢉᠦᠯᢈᠦ ᠶ᠋ᠢᠨ ᠵᠡᠷᢉᠡᠴᠡᢉᠡ ᠴᠠᢈᠢᠮ ᠰᠢᠯᠵᠢᠯᠲᠡ ᠳ᠋ᠦ ᠦᢈᠢᠳ ᠦ᠋ᠨ ᠣᠷᠤᠯᠴᠠᠭᠠ ᠶ᠋ᠢ ᠬᠠᠩᠭᠠᠬᠤ ᠵᠣᠷᠢᠯᠭᠠ ᠪᠠᠷ ᠠᠬᠠᠯᠠᠬᠤ ᠰᠤᠷᠭᠠᠭᠤᠯᠢ ᠶ᠋ᠢᠨ ᠒᠐᠐ ᠣᠷᠴᠢᠨ ᠥᢈᠢᠳ ᠢ᠋ ᠬᠠᠮᠤᠷᠤᠭᠤᠯᠤᠨ ᠵᠣᢈᠢᠶᠠᠨ ᠪᠠᠶᠢᠭᠤᠯᠤᠯᠠ᠃
“Girls in ICT Day ᠒᠐᠒᠕” ᠠᠷᠭᠠ ᢈᠡᠮᠵᠢᠶ ᠡᠨ ᠦ᠋ ᠦᠶᠡ ᠪᠡᠷ ᠳᠠᠷᠠᠭᠠᢈᠢ ᠰᠡᠳᠦᠪ ᠦ᠋ᠳ ᠢ᠋ᠶᠡᠷ ᠢᠯᠡᠳᢈᠡᠯ ᠲᠠᠨᠢᠯᠴᠠᠭᠤᠯᠤᠯᠠ᠃ ᠡᢉᠦᠨ ᠳ᠋ᠦ: \n\nᠨᠦᠪ- ᠤ᠋ᠨ ᢈᠡᠦᢈᠡᠳ ᠦ᠋ᠨ ᠰᠠᠩ ᠤ᠋ᠨ ᢈᠡᠦᢈᠡᠳ ᠬᠠᠮᠠᠭᠠᠯᠠᠯ ᠤ᠋ᠨ ᠮᠡᠷᢉᠡᠵᠢᠯᠲᠡᠨ ᠰᠠ᠂ᠪᠣᠯᠤᠷᠴᠡᠴᠡᢉ “ᠴᠠᢈᠢᠮ ᠣᠷᠴᠢᠨ ᠳ᠋ᠤ ᠬᠠᠮᠢᠶᠠᠷᠬᠤ ᢈᠡᠦᢈᠡᠳ ᠦ᠋ᠨ ᠡᠷᢈᠡ ᠶ᠋ᠢᠨ ᠲᠤᠬᠠᠢ ᠒᠕-ᠷ ᠨᠡᠮᠡᠯᠲᠡ ᠶᠡᠷᠦᠩᢈᠡᠢ ᠲᠠᠶᠢᠯᠪᠤᠷᠢ”᠂ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠤ᠋ ᠵᠣᢈᠢᠴᠠᠭᠤᠯᠤᠯᠲᠠ ᠶ᠋ᠢᠨ ᢈᠡᠷᠡᢉᠵᠢᠯᠲᠡ ᠶ᠋ᠢᠨ ᢈᠡᠯᠲᠡᠰ ᠦ᠋ᠨ ᠳᠠᠷᠤᠭᠠ ᠠ᠂ ᠤᠷᠠᠨᠴᠢᠮᠡᢉ “ᠴᠠᢈᠢᠮ ᠣᠷᠴᠢᠨ ᠳᠠᢈᠢ ᢈᠡᠦᢈᠡᠳ ᠬᠠᠮᠠᠭᠠᠯᠠᠯ ᠪᠠ ᠲᠧᠻᠨᠤᠯᠤᢉᠢ ᠶ᠋ᠢᠨ ᠪᠣᠯᠤᠮᠵᠢ”᠂ᠤ᠂ ᠹ᠂᠂ ᠫ ᠢ ᠮᠣᠩᠭᠤᠯ ᠠᠻᠠᠳ᠋ᠧᠮᠢ ᠤᠲᠤᠭ- ᠤ᠋ᠨ ᠰᠢᠰᠲ᠋ᠧᠮ ᠨᠢᢉᠡᠳᢈᠡᠯ ᠦ᠋ᠨ ᠭᠠᠵᠠᠷ ᠤ᠋ᠨ ᠲᠥᠰᠦᠯ ᠦ᠋ᠨ ᠮᠧᠨᠧᠵᠧᠷ ᠰ᠂ᠴᠡᠸᠡᠩᠰᠦ᠋ᠷᠦᠩ “E-Mongolia-ᠡᠶᠢᠨ ᢈᠥᢉᠵᠢᢉᠦᠯᠦᠯᠲᠡ ᠶ᠋ᠢ ᠪᠠᠭ ᢈᠡᠷᢈᠢᠨ ᠠᠵᠢᠯᠯᠠᠳᠠᠭ ᠪᠤᠢ”᠂ᠤ᠂ ᠹ᠂᠂ ᠢᠯᢈᠥᢉᠡᠷᠦᢈᠦᠨ ᠵᠢᠷᠦᢈᠡ ᠲᠪᠪᠢ- ᠤ᠋ᠨ ᠵᠣᢈᠢᠴᠠᠭᠤᠯᠤᠭᠴᠢ ᠪ᠂ ᠣᠶᠤᠨᠳᠠᠷᠢ “ᠴᠠᢈᠢᠮ ᠣᠷᠴᠢᠨ ᠳᠠᢈᠢ ᠥᢈᠢᠳ ᠦ᠋ᠨ ᠡᠰᠡᠷᢉᠦ ᢈᠦᠴᠦᠷᢈᠡᠶᠢᠯᠡᠯ ᠡᠴᠡ ᠤᠷᠢᠳᠴᠢᠯᠠᠨ ᠰᠡᠷᢉᠡᠶᠢᠯᠡᢈᠦ ᠨᠢ” ᠰᠡᠳᠦᠪ ᠢ᠋ᠶᠡᠷ ᠲᠤᠰ ᠲᠤᠰ ᠢᠯᠡᠳᢈᠡᠯ ᠲᠠᠨᠢᠯᠴᠠᠭᠤᠯᠤᠭᠰᠠᠨ ᠶᠤᠮ᠃ ᠬᠠᠷᠢᠯᠴᠠᠭᠠ ᠬᠣᠯᠪᠤᠭᠠ ᠮᠡᠳᠡᢉᠡᠯᠡᠯ ᠦ᠋ᠨ ᠲᠧᠻᠨᠣᠯᠣᢉᠢ ᠶ᠋ᠢᠨ ᠰᠠᠯᠪᠤᠷᠢ ᠶ᠋ᠢᠨ ᢈᠥᢉᠵᠢᠯ ᠳ᠋ᠦ ᠥᢈᠢᠳ ᠦ᠋ᠨ ᠣᠷᠤᠯᠴᠠᠭᠠ ᠶ᠋ᠢ ᠳᠡᠮᠵᠢᢈᠦ᠂ ᠴᠠᢈᠢᠮ ᠣᠷᠴᠢᠨ ᠳ᠋ᠤ ᠡᢉᠦᠰᢈᠦ ᠡᠷᠦᠰᠳᠡᠯ᠂ ᠲᠡᠳᠡᢉᠡᠷ ᠢ᠋ ᠳᠠᠪᠠᠨ ᠲᠤᠭᠤᠯᠬᠤ᠂ ᠴᠠᢈᠢᠮ ᠰᠢᠯᠵᠢᠯᠲᠡ ᠶ᠋ᠢ ᠦᠷᠡ ᠠᠰᠢᠭᠲᠠᠢ ᢈᠡᠷᠡᢉᠵᠢᢉᠦᠯᢈᠦ ᠳ᠋ᠦ ᠥᢈᠢᠳ ᠦ᠋ᠨ ᠰᠢᠢᠳᠦᠯ ᠢ᠋ ᠲᠤᠰᠬᠠᠬᠤ ᠵᠣᠷᠢᠯᠭᠠ ᠪᠠᠷ ᠣᠷᠤᠯᠴᠠᠭᠴᠢ ᠥᢈᠢᠳ ᠦ᠋ᠨ ᠳᠤᠮᠳᠠ “ᠴᠠᢈᠢᠮ ᠰᠢᠯᠵᠢᠯᠲᠡ-ᠥᢈᠢᠳ ᠦ᠋ᠨ ᠣᠷᠤᠯᠴᠠᠭᠠ” ᠲᠠᠨᠢᠯᠴᠠᠭᠤᠯᠭᠠ ᠪᠡᠯᠡᠳᢈᠡᢈᠦ ᠲᠡᠮᠡᠴᠡᢉᠡᠨ ᠢ᠋ ᠵᠣᢈᠢᠶᠠᠨ ᠪᠠᠶᠢᠭᠤᠯᠵᠤ᠂ ᠰᠢᠯᠢᠳᠡᢉ ᠰᠢᠶᠢᠳᠦᠯ ᠢ᠋ ᠰᠢᠯᠭᠠᠷᠠᠭᠤᠯᠤᠭᠰᠠᠨ᠃
ᠲᠡᠮᠡᠴᠡᢉᠡᠨ ᠳ᠋ᠦ ᠰᠢᠯᠢᠳᠡᢉ ᠢ᠋ᠶᠡᠷ ᠰᠢᠯᠭᠠᠭᠰᠠᠨ ᠓ ᠪᠠᠭ ᠤ᠋ᠨ ᠥᢈᠢᠳ ᠱᠠᠩᠨᠠᠯ ᢈᠦᠷᠲᠡᠵᠦ᠂ ᠴᠠᢈᠢᠮ ᠰᠢᠯᠵᠢᠯᠲᠡ ᠶ᠋ᠢᠨ ᠲᠠᠯᠠᠭᠠᠷ ᠪᠤᠰᠤᠳ ᠢ᠋ ᠰᠤᠷᠭᠠᠬᠤ ᠳ᠋ᠤ ᠬᠠᠮᠲᠤᠷᠠᠨ ᠠᠵᠢᠯᠯᠠᠬᠤ ᠡᠷᢈᠡᠲᠡᠢ ᠪᠣᠯᠤᠯᠠ᠃ «Girls in ICT Day ᠒᠐᠒᠕» ᠠᠷᠭᠠ ᢈᠡᠮᠵᠢᠶᠡ ᠶ᠋ᠢ ᠬᠠᠮᠲᠤᠷᠠᠨ ᠵᠣᢈᠢᠶᠠᠨ ᠪᠠᠶᠢᠭᠤᠯᠤᠭᠰᠠᠨ ᠪᠠᠶᠢᠭᠤᠯᠤᠯᠭᠠ ᠨᠤᠭᠤᠳ ᠪᠣᠯᠤᠨ ᠣᠷᠤᠯᠴᠠᠭᠴᠢ ᠥᢈᠢᠳ ᠲᠦ ᠪᠠᠨ ᠪᠠᠶᠠᠷᠯᠠᠯᠠ᠃