“Girls in ICT day ᠒᠐᠒᠖” ᠠᠷᠭ᠎ᠠ ᢈᠡᠮᠵᠢᠶᠡᠨ ᠳ᠋ᠦ ᠳᠤᠮᠳᠠ ᠠᠩᢉᠢ ᠶ᠋ᠢᠨ ᠑᠐᠐ ᠭᠠᠷᠤᠢ ᠰᠤᠷᠤᠭᠴᠢ ᠣᠷᠤᠯᠴᠠᠯ᠎ᠠ

᠒᠐᠒᠖.᠐᠔.᠒᠒
ᠬᠠᠷᠢᠯᠴᠠᠭ᠎ᠠ ᠬᠣᠯᠪᠤᠭᠠᠨ ᠤ᠋ ᠵᠣᢈᠢᠴᠠᠭᠤᠯᠬᠤ ᠬᠣᠷᠢᠶ᠎ᠠ᠂ ᠨᠢ‍᠂ᠦ‍᠂ᠪᠠ‍ ᠊ ᠶ᠋ᠢᠨ ᢈᠦᠨᠡᠰᠦ᠂ ᢈᠥᠳᠡᢉᠡ ᠠᠵᠤ ᠠᠬᠤᠢ ᠶ᠋ᠢᠨ ᠭᠠᠵᠠᠷ ᠬᠠᠮᠲᠤᠷᠠᠨ “Girls in ICT Day ᠒᠐᠒᠖” ᠠᠷᠭ᠎ᠠ ᢈᠡᠮᠵᠢᠶ᠎ᠡ ᠶ᠋ᠢ ᠥᠨᠦᠳᠦᠷ ᠨᠣᠸᠣᠲ᠋ᠧᠯ ᠵᠣᠴᠢᠳ ᠪᠠᠭᠤᠳᠠᠯ ᠤ᠋ᠨ ᢉᠷᠠᠨ᠋ᠳ᠋ ᠶᠡᢈᠡ ᠲᠠᠩᢈᠢᠮ ᠳ᠋ᠤ ᠵᠣᢈᠢᠶᠠᠨ ᠪᠠᠶᠢᠭᠤᠯᠤᠯᠠᠪᠠ᠃ ᠡᠨᠡ ᢈᠦ ᠠᠷᠭ᠎ᠠ ᢈᠡᠮᠵᠢᠶ᠎ᠡ ᠨᠢ ᠰᠤᠷᠤᠭᠴᠢ ᠥᢈᠢᠳ ᠦ᠋ᠨ ᠬᠠᠷᠢᠯᠴᠠᠭ᠎ᠠ ᠬᠣᠯᠪᠤᠭ᠎ᠠ᠂ᠮᠡᠳᠡᢉᠡᠯᠡᠯ ᠦ᠋ᠨ ᠲᠧᢈᠨᠣᠯᠣᢉᠢ ᠶ᠋ᠢᠨ ᠰᠠᠯᠪᠤᠷᠢ ᠶ᠋ᠢᠨ ᠲᠠᠯᠠᠭᠠᠷᢈᠢ ᠣᠶᠢᠯᠠᠭᠠᠯᠲᠠ ᠶ᠋ᠢ ᠨᠡᠮᠡᢉᠳᠡᢉᠦᠯᢈᠦ᠂ ᠴᠠᢈᠢᠮ ᠣᠷᠴᠢᠨ ᠳ᠋ᠤ ᠥᠪᠡᠷ ᠦ᠋ᠨ ᠡᠷᢈᠡ ᠶ᠋ᠢ ᠬᠠᠮᠠᠭᠠᠯᠠᠬᠤ᠂ ᠠᠶᠤᠯ ᠦᢉᠡᠢ ᠪᠠᠶᠢᠳᠠᠯ ᠢ᠋ᠶᠠᠨ ᠬᠠᠩᠭᠠᠬᠤ ᠮᠡᠳᠡᠯᢉᠡ᠂ ᠤᠷ᠎ᠠ ᠴᠢᠳᠠᠪᠤᠷᠢ ᠡᠵᠡᠮᠰᠢᢉᠦᠯᢈᠦ ᠵᠣᠷᠢᠯᠭᠠᠲᠠᠢ ᠶᠤᠮ᠃

ᠠᠷᠭ᠎ᠠ ᢈᠡᠮᠵᠢᠶᠡᠨ ᠳ᠋ᠦ ᠨᠡᠶᠢᠰᠯᠡᠯ ᠦ᠋ᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠳᠤᠮᠳᠠ ᠠᠩ ᠤ᠋ᠨ ᠑᠐᠐ ᠭᠠᠷᠤᠢ ᠰᠤᠷᠤᠭᠴᠢ ᠥᢈᠢᠳ ᠣᠷᠤᠯᠴᠠᠵᠤ᠂ ᠬᠠᠷᠢᠯᠴᠠᠭ᠎ᠠ ᠬᠣᠯᠪᠤᠭ᠎ᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠰᠠᠯᠪᠤᠷᠢ ᠳ᠋ᠤ ᠡᠮᠡᢉᠲᠡᠶᠢᠴᠦᠳ ᠦ᠋ᠨ ᠣᠷᠤᠯᠴᠠᠭ᠎ᠠ ᠶᠠᠭᠠᢈᠢᠭᠠᠳ ᠴᠢᠬᠤᠯᠠ ᠪᠣᠯᠬᠤ᠂ ᠡᠨᠡ ᠴᠢᢉᠯᠡᠯ ᠢ᠋ᠶᠡᠷ ᠰᠤᠷᠤᠯᠴᠠᠵᠤ᠂ ᠠᠵᠢᠯᠯᠠᠭᠰᠠᠨ ᠢ᠋ᠶᠠᠷ ᠶᠠᠮᠠᠷ ᠪᠣᠯᠤᠮᠵᠢ ᠨᠡᢉᠡᢉᠡᢉᠳᠡᠳᠡᢉ᠂ ᠮᠥᠨ ᢈᠢᠮᠡᠯ ᠣᠶᠤᠨ ᠢ᠋ ᠵᠥᠪᢈᠡᠨ ᢈᠡᠷᠡᢉᠯᠡᢉᠴᠢ ᠪᠤᠰᠤ ᠰᠠᠨᠠᠭᠠᠴᠢᠯᠠᠭᠴᠢ᠂ ᠪᠦᠲᠦᢉᠡᢉᠴᠢ ᠪᠠᠶᠢᠵᠤ᠂ ᢈᠦᠷᠲᠡᢉᠡᠮᠵᠢᠲᠡᠢ᠂ ᠬᠠᠷᠢᠭᠤᠴᠠᠯᠭᠠᠲᠠᠢ᠂ ᠲᠣᠭᠲᠠᠪᠤᠷᠢᠲᠠᠢ ᠨᠡᠶᠢᢉᠡᠮ ᠢ᠋ ᠪᠦᠷᠢᠳᠦᢉᠦᠯᢈᠦ ᠳ᠋ᠦ ᠬᠤᠪᠢ ᠨᠡᠮᠡᠷᠢ ᠪᠡᠨ ᠣᠷᠤᠭᠤᠯᠬᠤ ᠪᠣᠯᠤᠮᠵᠢ ᠶ᠋ᠢᠨ ᠲᠠᠯᠠᠭᠠᠷ ᠵᠣᠴᠢᠨ ᠢᠯᠡᠳᢈᠡᢉᠴᠢᠳ ᠲᠡᠢ ᠨᠡᢉᠡᢉᠡᠯᠲᠡᠲᠡᠢ ᠰᠠᠨᠠᠯ ᠰᠣᠯᠢᠯᠴᠠᠵᠤ᠂ ᠴᠠᢈᠢᠮ ᠤᠷ᠎ᠠ ᠴᠢᠳᠠᠪᠤᠷᠢ ᠪᠠᠨ ᠳᠡᢉᠡᢉᠰᠢᠯᠡᢉᠦᠯᠦᠯ᠎ᠡ᠃ ᠲᠡᢉᠦᠨᠴᠢᠯᠡᠨ ᠪᠠᠭ ᠤ᠋ᠨ ᠪᠦᠲᠦᢉᠡᠯᠴᠢ ᠠᠵᠢᠯ ᠢ᠋ᠶᠠᠷ ᠳᠠᠮᠵᠢᠭᠤᠯᠤᠨ ᢈᠢᠮᠡᠯ ᠣᠶᠤᠨ ᠢ᠋ ᠠᠶᠤᠯ ᠦᢉᠡᠢ᠂ ᠵᠣᢈᠢᠰᠲᠠᠢ ᠠᠰᠢᠭᠯᠠᠵᠤ᠂ ᠲᠤᠯᠭᠠᠮᠳᠠᠵᠤ ᠪᠤᠢ ᠠᠰᠠᠭᠤᠳᠠᠯ ᠢ᠋ ᠪᠦᠲᠦᢉᠡᠯᠴᠢ ᠪᠡᠷ ᠰᠢᠢᠳᠪᠦᠷᠢᠯᠡᢈᠦ ᠴᠢᠳᠠᠪᢈᠢ ᠶ᠋ᠢ ᠡᠵᠡᠮᠰᠢᠪᠡ᠃ Girls in ICT Day ᠰᠠᠨᠠᠭᠠᠴᠢᠯᠭ᠎ᠠ ᠨᠢ ᠵᠠᠯᠠᠭᠤ ᠡᠮᠡᢉᠲᠡᠢᠢᠴᠦᠳ᠂ ᠥᢈᠢᠳ ᠲᠤ ᠬᠠᠷᠢᠯᠴᠠᠭ᠎ᠠ ᠬᠣᠯᠪᠤᠭ᠎ᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠪᠣᠯᠤᠮᠵᠢ ᠶ᠋ᠢ ᠲᠠᠨᠢᠭᠤᠯᠬᠤ᠂ ᠲᠡᠳᠡᠨ ᠢ᠋ ᠴᠢᠳᠠᠪᢈᠢᠵᠢᠭᠤᠯᠬᠤ᠂ ᠡᠨᠡ ᠰᠠᠯᠪᠤᠷᠢ ᠳ᠋ᠤ ᠻᠠᠷᠢᠶᠧᠷ ᠢ᠋ᠶᠠᠨ ᠥᠰᢈᠡᢈᠦ ᠳ᠋ᠦ ᠳᠡᠮᠵᠢᠯᢉᠡ ᠦᠵᠡᢉᠦᠯᢈᠦ ᠵᠣᠷᠢᠯᠭ᠎ᠠ ᠲᠠᠢ ᠪᠥᢉᠡᠳ ᠣᠯᠠᠨ ᠤᠯᠤᠰ ᠤ᠋ᠨ ᠴᠠᢈᠢᠯᠭᠠᠨ ᠬᠣᠯᠪᠤᠭᠠᠨ ᠤ᠋ ᠪᠠᠶᠢᠭᠤᠯᠤᠯᠭ᠎ᠠ /ᠣᠭᠤᠴᠠᠬᠠᠪᠠ/- ᠠ᠋ᠴᠠ ᠬᠠᠷᠢᠯᠴᠠᠭ᠎ᠠ ᠬᠣᠯᠪᠤᠭ᠎ᠠ᠂ ᠮᠡᠳᠡᢉᠡᠯᠡᠯ ᠦ᠋ᠨ ᠲᠧᠻᠨᠣᠯᠣᢉᠢ ᠶ᠋ᠢᠨ ᠰᠠᠯᠪᠤᠷᠢ ᠳ᠋ᠠᢈᠢ ᠥᢈᠢᠳ ᠦ᠋ᠨ ᠡᠳᠦᠷ ᠢ᠋ ᠒᠐᠑᠑ ᠣᠨ ᠠ᠋ᠴᠠ ᠡᢈᠢᠯᠡᠨ ᠵᠢᠯ ᠪᠦᠷᠢ ᠶ᠋ᠢᠨ ᠔ ᠳ᠋᠋ᠦ᠋ᢉᠡᠷ ᠰᠠᠷ᠎ᠠ ᠳ᠋ᠤ ᠲᠡᠮᠳᠡᢉᠯᠡᠵᠦ ᠢᠷᠡᢉᠰᠡᠨ᠃ ᠡᠨᠡ ᠵᠢᠯ “ᢈᠥᢉᠵᠢᠯ ᠳ᠋ᠦ ᠴᠢᢉᠯᠡᢉᠰᠡᠨ ᢈᠢᠮᠡᠯ ᠣᠶᠤᠨ: ᠥᢈᠢᠳ ᠴᠠᢈᠢᠮ ᠢᠷᠡᢉᠡᠳᠦᠢ ᠶ᠋ᠢ ᠪᠦᠲᠦᢉᠡᠨ᠎ᠡ” ᠤᠷᠢᠶ᠎ᠠ ᠳᠣᠣᠷ᠎ᠠ ᠳᠡᠯᠡᢈᠡᠢ ᠨᠡᠶᠢᠲᠡ ᠪᠡᠷ ᠲᠡᠮᠳᠡᢉᠯᠡᠨ ᠥᠩᢉᠡᠷᠡᢉᠦᠯᠵᠦ ᠪᠠᠶᠢᠨ᠎ᠠ᠃

ᠮᠣᠩᠭᠣᠯ ᠤᠯᠤᠰ ᠤ᠋ᠨ ᠮᠡᠳᠡᢉᠡᠯᠡᠯ᠂ ᠬᠠᠷᠢᠯᠴᠠᠭ᠎ᠠ ᠬᠣᠯᠪᠤᠭᠠᠨ ᠤ᠋ ᠲᠧᢈᠨᠣᠯᠣᢉᠢ ᠶ᠋ᠢᠨ ᠰᠠᠯᠪᠤᠷᠢ ᠳ᠋ᠤ ᠲᠡᠷᠢᢉᠦᠯᠡᢉᠴᠢ ᠻᠣᠮᠫᠠᠨᠢ ᠨᠤᠭᠤᠳ ᠲᠤ ᠠᠵᠢᠯᠯᠠᠵᠤ ᠪᠤᠢ ᠠᠵᠢᠯᠯᠠᠬᠤ ᢈᠦᠴᠦᠨ ᠦ᠋ ᠓᠐ ᠭᠠᠷᠤᠢ ᠬᠤᠪᠢ ᠶ᠋ᠢ ᠡᠮᠡᢉᠲᠡᠶᠢᠴᠦᠳ ᠡᠵᠡᠯᠡᠵᠦ ᠪᠠᠶᠢᠭ᠎ᠠ ᠪᠥᢉᠡᠳ ᠲᠡᠳᠡᢉᠡᠷ ᠦ᠋ᠨ ᠑᠐ ᢈᠦᠷᢈᠦ ᠦᢉᠡᠢ ᠬᠤᠪᠢ ᠡᠨᠡ ᠴᠢᢉᠯᠡᠯ ᠢ᠋ᠶᠡᠷ ᠠᠵᠢᠯᠯᠠᠳᠠᠭ ᢉᠡᠰᠡᠨ ᠰᠤᠳᠤᠯᠭ᠎ᠠ ᠪᠤᠢ᠃ ᠡᠶᠢᠮᠦ ᠳ᠋ᠦ ᠥᢈᠢᠳ ᠲᠦ ᠬᠠᠷᠢᠯᠴᠠᠭ᠎ᠠ ᠬᠣᠯᠪᠤᠭ᠎ᠠ᠂ ᠮᠡᠳᠡᢉᠡᠯᠡᠯ ᠦ᠋ᠨ ᠲᠧᢈᠨᠣᠯᠣᢉᠢ ᠶ᠋ᠢᠨ ᠪᠣᠯᠤᠮᠵᠢ ᠶ᠋ᠢ ᠲᠠᠨᠢᠭᠤᠯᠬᠤ᠂ ᠲᠡᠳᠡᠨ ᠢ᠋ ᠴᠢᠳᠠᠪᢈᠢᠵᠢᠭᠤᠯᠬᠤ ᠨᠢ ᠴᠢᠬᠤᠯᠠ ᠠᠴᠢ ᠬᠣᠯᠪᠤᠭᠳᠠᠯᠲᠠᠢ ᠶᠤᠮ᠃