ᠲᠤᠰᠬᠠᠢ ᠵᠥᠪᠰᠢᠶᠡᠷᠡᠯ ᠡᠵᠡᠮᠰᠢᢉᠴᠢ ᠪᠠᠶᠢᠭᠤᠯᠤᠯᠭᠠ ᠨᠤᠭᠤᠳ ᠤ᠋ᠨ ᠠᠵᠢᠯᠲᠠᠨ᠂ ᠠᠯᠪᠠᠨ ᠬᠠᠭᠠᠭᠴᠢᠳ ᠤ᠋ᠨ ᠭᠠᠮᠰᠢᠭ᠂ᠣᠰᠤᠯ᠂ ᠭᠠᠯ ᠲᠦᠶᠢᠮᠡᠷ ᠪᠣᠯᠤᠨ ᠪᠤᠰᠤᠳ ᠪᠣᠯᠵᠤᠰᠢ ᠦᢉᠡᠢ ᠡᠷᠦᠰᠳᠡᠯ ᠡᠴᠡ ᠤᠷᠢᠳᠴᠢᠯᠠᠨ ᠰᠡᠷᢉᠡᠶᠢᠯᠡᢈᠦ ᠮᠡᠳᠡᠯᢉᠡ᠂ᠳᠠᠳᠤᠯ ᠢ᠋ ᠨᠡᠮᠡᢉᠳᠡᢉᠦᠯᢈᠦ ᠵᠣᠷᠢᠯᠭᠠ ᠪᠠᠷ “ᠰᠢᠤᠳᠠᠨ ᠤ᠋ ᠠᠵᠢᠯ ᠤ᠋ᠨ ᠪᠠᠶᠢᠷᠢᠨ ᠤ᠋ ᠠᠶᠤᠯ ᠦᢉᠡᠢ ᠪᠠᠶᠢᠳᠠᠯ ᠢ᠋ ᠬᠠᠩᠭᠠᠬᠤ” ᠦᠵᠡᢉᠦᠯᢈᠦ ᠰᠤᠷᠭᠠᠯᠲᠠ ᠶ᠋ᠢ ᠒᠐᠒᠖ ᠣᠨ ᠤ᠋ ᠖ ᠳ᠋ᠤᠭᠠᠷ ᠰᠠᠷᠠ ᠶ᠋ᠢᠨ ᠑᠗᠆ᠤ᠋ ᠡᠳᠦᠷ ᠵᠣᢈᠢᠶᠠᠨ ᠪᠠᠶᠢᠭᠤᠯᠤᠯᠠ᠃
ᠰᠤᠷᠭᠠᠯᠲᠠ ᠶ᠋ᠢ ᠬᠠᠨ᠆ᠠᠭᠤᠯᠠ ᠳᠡᢉᠦᠷᢉᠡ ᠶ᠋ᠢᠨ ᠣᠨᠴᠤᠭᠤᠢ ᠪᠠᠶᠢᠳᠠᠯ ᠤ᠋ᠨ ᢈᠡᠯᠲᠡᠰ ᠪᠣᠯᠤᠨ ᠨᠢᠰᢈᠦ ᠳ᠋ᠡᢈᠢ ᠭᠠᠯ ᠲᠦᠶᠢᠮᠡᠷ ᠤᠨᠲᠠᠷᠠᠭᠠᠬᠤ᠂ᠠᠪᠤᠷᠠᠬᠤ ᠓᠐ ᠳ᠋ᠤᠭᠠᠷ ᠠᠩᢉᠢ ᠲᠠᠢ ᠬᠠᠮᠲᠤᠷᠠᠨ ᠳ᠋ᠢ ᠡᠶᠢᠴᠢ ᠡᠯᠡ ᢈᠥ᠂ᠬᠠ᠂ᠻᠠ᠆ᠶ᠋ᠢᠨ ᠰᠢᠤᠳᠠᠨ ᠤ᠋ ᠠᠵᠢᠯ ᠤ᠋ᠨ ᠪᠠᠶᠢᠷᠢᠨ ᠳ᠋ᠤ ᠵᠣᢈᠢᠶᠠᠨ ᠪᠠᠶᠢᠭᠤᠯᠤᠭᠰᠠᠨ ᠪᠥᢉᠡᠳ ᠨᠡᠶᠢᠲᠡ ᠖᠐ ᠰᠢᠤᠳᠠᠨ ᠤ᠋ ᠲᠤᠰᠬᠠᠢ ᠵᠥᠪᠰᠢᠶᠡᠷᠡᠯ ᠡᠵᠡᠮᠰᠢᢉᠴᠢ ᠪᠠᠶᠢᠭᠤᠯᠤᠯᠭᠠ ᠶ᠋ᠢᠨ ᠰᠢᠤᠳᠠᠨ ᠤ᠋ ᠲᠧᢈᠨᠣᠯᠣᢉᠢ᠂ᠦᠶᠢᠯᠡ ᠠᠵᠢᠯᠯᠠᠭᠠᠨ ᠤ᠋ ᠠᠵᠢᠯᠲᠠᠨ᠂ ᢈᠥᠳᠡᠯᠮᠦᠷᠢ ᠶ᠋ᠢᠨ ᠠᠶᠤᠯ ᠦᢉᠡᠢ ᠪᠠᠶᠢᠳᠠᠯ᠂ ᠡᠷᠡᢉᠦᠯ ᠠᠬᠤᠢ ᠬᠠᠷᠢᠭᠤᠴᠠᠭᠰᠠᠨ ᠠᠵᠢᠯᠲᠠᠨ᠂ ᠰᠠᠯᠪᠤᠷᠢ ᠶ᠋ᠢᠨ ᠵᠣᢈᠢᠶᠠᠨ ᠪᠠᠶᠢᠭᠤᠯᠤᠭᠴᠢ ᠪᠣᠯᠤᠨ ᠬᠣᠯᠪᠤᠭᠳᠠᠬᠤ ᠠᠯᠪᠠᠨ ᠲᠤᠰᠢᠶᠠᠯᠲᠠᠨ ᠨᠤᠭᠤᠳ ᠬᠠᠮᠤᠷᠤᠭᠳᠠᠪᠠ᠃
ᠰᠤᠷᠭᠠᠯᠲᠠ ᠶ᠋ᠢᠨ ᢈᠦᠷᠢᠶᠡᠨ ᠳ᠋ᠦ ᠰᠢᠤᠳᠠᠨ ᠤ᠋ ᠠᠵᠢᠯ ᠤ᠋ᠨ ᠪᠠᠶᠢᠷᠢᠨ ᠳ᠋ᠤ ᠭᠠᠷᠴᠤ ᠪᠣᠯᠬᠤ ᠨᠡᠶᠢᠲᠡᠯᠢᢉ ᠡᠷᠦᠰᠳᠡᠯ᠂ᠠᠶᠤᠯ ᠦᢉᠡᠢ ᠠᠵᠢᠯᠯᠠᠭᠠᠨ ᠤ᠋ ᠨᠥᢈᠦᠴᠡᠯ ᠱᠠᠭᠠᠷᠳᠠᠯᠭᠠ᠂ ᠭᠠᠯ ᠲᠦᠶᠢᠮᠡᠷ ᠡᠴᠡ ᠤᠷᠢᠳᠴᠢᠯᠠᠨ ᠰᠡᠷᢉᠡᠶᠢᠯᠡᢈᠦ ᠵᠣᢈᠢᠶᠠᠨ ᠪᠠᠶᠢᠭᠤᠯᠤᠯᠲᠠ᠂ᠭᠠᠯ ᠤᠨᠲᠠᠷᠠᠭᠠᠬᠤ ᠠᠩᠬᠠᠨ ᠱᠠᠲᠤᠨ ᠤ᠋ ᢈᠡᠷᠡᢉᠰᠡᠯ ᠢ᠋ ᠵᠥᠪ ᠠᠰᠢᠭᠯᠠᠬᠤ᠂ ᠣᠰᠤᠯ ᢉᠡᠮᠲᠦᠯ ᠦ᠋ᠨ ᠦᠶᠡ ᠳ᠋ᠦ ᠠᠩᠬᠠᠨ ᠤ᠋ ᠲᠤᠰᠠᠯᠠᠮᠵᠢ ᠦᠵᠡᢉᠦᠯᢈᠦ᠂ᠠᠵᠢᠯᠲᠠᠨ ᠨᠤᠭᠤᠳ ᠢ᠋ ᠠᠶᠤᠯ ᠦᢉᠡᠢ ᠨᠡᢉᠦᠯᢉᠡᠨ ᠰᠢᠯᠵᠢᢉᠦᠯᢈᠦ ᠳᠠᠷᠠᠭᠠᠯᠠᠯ ᠤ᠋ᠨ ᠲᠠᠯᠠᠭᠠᠷ ᠣᠨᠤᠯ᠂ ᠳᠠᠳᠤᠯᠭᠠ ᠬᠣᠣᠰᠯᠠᠭᠰᠠᠨ ᢈᠡᠯᠪᠡᠷᠢ ᠪᠡᠷ ᠮᠡᠳᠡᢉᠡᠯᠡᠯ᠂ ᠵᠢᠭᠠᠪᠤᠷᠢᠴᠢᠯᠠᠭᠠ ᠥᢉᢉᠦᢉᠰᠡᠨ ᠶᠤᠮ᠃
ᠳᠠᠳᠤᠯᠭᠠ ᠶ᠋ᠢᠨ ᠦᠶᠡ ᠪᠡᠷ ᠣᠷᠤᠯᠴᠠᠭᠴᠢᠳ ᠭᠠᠯ ᠤᠨᠲᠠᠷᠠᠭᠠᠭᠤᠷ ᠠᠰᠢᠭᠯᠠᠬᠤ ᠳᠠᠷᠠᠭᠠᠯᠠᠯ᠂ᠠᠶᠤᠯ ᠦᢉᠡᠢ ᠵᠠᠢ ᠪᠠᠷᠢᠬᠤ᠂ ᠣᠷᠴᠢᠨ ᠤ᠋ ᠨᠥᢈᠦᠴᠡᠯ ᠪᠠᠶᠢᠳᠠᠯ ᠢ᠋ ᠦᠨᠡᠯᠡᢈᠦ᠂ ᠣᠰᠤᠯ ᠤ᠋ᠨ ᠦᠶᠡ ᠳ᠋ᠦ ᠰᠢᠭᠤᠷᠬᠠᠢ ᠮᠡᠳᠡᢉᠡᠯᠡᢈᠦ᠂ᠠᠩᠬᠠᠨ ᠤ᠋ ᠲᠤᠰᠠᠯᠠᠮᠵᠢ ᠦᠵᠡᢉᠦᠯᢈᠦ ᠪᠣᠯᠤᠨ ᠨᠡᢉᠦᠯᢉᠡᠨ ᠰᠢᠯᠵᠢᢉᠦᠯᢈᠦ ᠠᠵᠢᠯᠯᠠᠭᠠᠨ ᠤ᠋ ᠦᠨᠳᠦᠰᠦᠨ ᠠᠷᠭᠠᠴᠢᠯᠠᠯ ᠲᠠᠢ ᠲᠠᠨᠢᠯᠴᠠᠵᠤ᠂ ᠥᠪᠡᠷ ᠦ᠋ᠨ ᠪᠠᠶᠢᠭᠤᠯᠤᠯᠭᠠ ᠶ᠋ᠢᠨ ᠠᠵᠢᠯ ᠤ᠋ᠨ ᠪᠠᠶᠢᠷᠢᠨ ᠤ᠋ ᠨᠥᢈᠦᠴᠡᠯ ᠪᠠᠶᠢᠳᠠᠯ ᠳ᠋ᠤ ᠲᠤᠯᠭᠠᠮᠳᠠᠵᠤ ᠪᠤᠢ ᠠᠰᠠᠭᠤᠳᠠᠯ ᠢ᠋ᠶᠠᠷ ᠮᠡᠷᢉᠡᠵᠢᠯ ᠦ᠋ᠨ ᠪᠠᠶᠢᠭᠤᠯᠤᠯᠭᠠ ᠶ᠋ᠢᠨ ᠵᠥᠪᠯᠡᢉᠡ ᠠᠪᠤᠭᠰᠠᠨ᠃