ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭᠠ ᠶ᠋ᠢᠨ ᢈᠡᠦᢈᠡᠳ ᠦ᠋ᠨ ᠰᠠᠩ᠂ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ᠂ᠲᠡᠰᠣ᠋ ᢉᠷᠦ᠋ᠫ “ᠴᠠᢈᠢᠮ ᠣᠷᠴᠢᠨ ᠳ᠋ᠤ ᢈᠡᠦᢈᠡᠳ ᠢ᠋ᠶᠡᠨ ᠬᠠᠮᠠᠭᠠᠯᠠᠶᠠ” ᠲᠥᠰᠦᠯ ᠢ᠋ ᠬᠠᠮᠲᠤᠷᠠᠨ ᢈᠡᠷᠡᢉᠵᠢᢉᠦᠯᢈᠦ ᠬᠠᠷᠢᠯᠴᠠᠨ ᠣᠶᠢᠯᠠᠭᠠᠯᠴᠠᠯ ᠤ᠋ᠨ ᠰᠠᠨᠠᠮᠵᠢ ᠪᠢᠴᠢᢉ ᠲᠦ ᠥᠨᠦᠳᠦᠷ /᠒᠐᠒᠕᠂᠐᠕᠂᠒᠖/ ᠭᠠᠷ ᠤ᠋ᠨ ᠦᠰᠦᢉ ᠵᠢᠷᠤᠯᠠ᠃ ᠰᠠᠨᠠᠮᠵᠢ ᠪᠢᠴᠢᢉ ᠦ᠋ᠨ ᢈᠦᠷᠢᠶᠡᠨ ᠳ᠋ᠦ ᢈᠡᠦᢈᠡᠳ᠂ ᠡᠴᠢᢉᠡ ᠡᢈᠡᠴᠦᠳ ᠪᠣᠯᠤᠨ ᠶᠡᠷᠦᠩᢈᠡᠢ ᠪᠣᠯᠪᠠᠰᠤᠷᠠᠯ ᠤ᠋ᠨ ᠰᠤᠷᠭᠠᠭᠤᠯᠢ ᠶ᠋ᠢᠨ ᠪᠠᠭᠰᠢ ᠨᠠᠷ ᠲᠤ ᠵᠣᠷᠢᠭᠤᠯᠤᠨ ᠴᠠᢈᠢᠮ ᠣᠷᠴᠢᠨ ᠳ᠋ᠤ ᢈᠡᠦᢈᠡᠳ ᠦ᠋ᠨ ᠡᠷᢈᠡ ᠶ᠋ᠢ ᠬᠠᠮᠠᠭᠠᠯᠠᠬᠤ᠂ᠠᠯᠢᠪᠠ ᠡᠷᠦᠰᠳᠡᠯ ᠡᠴᠡ ᠤᠷᠢᠳᠴᠢᠯᠠᠨ ᠰᠡᠷᢉᠡᠶᠢᠯᠡᢈᠦ ᠴᠢᢉᠯᠡᠯ ᠢ᠋ᠶᠡᠷ ᠰᠤᠷᠭᠠᠯᠲᠠ ᠶ᠋ᠢᠨ ᠮᠣᠳᠦ᠋ᠯᠢ ᢈᠥᢉᠵᠢᢉᠦᠯᠵᠦ᠂ ᠲᠡᠳᠡᢉᠡᠷ ᠲᠦ ᠮᠡᠳᠡᠯᢉᠡ ᠣᠯᠭᠤᠬᠤ᠂ ᠴᠢᠳᠠᠪᢈᠢ ᠶ᠋ᠢ ᠪᠡᢈᠢᠵᠢᢉᠦᠯᢈᠦ ᠶᠤᠮ᠃
“ᠴᠠᢈᠢᠮ ᠣᠷᠴᠢᠨ ᠳ᠋ᠤ ᢈᠡᠦᢈᠡᠳ ᠢ᠋ᠶᠡᠨ ᠬᠠᠮᠠᠭᠠᠯᠠᠶᠠ” ᠲᠥᠰᠦᠯ ᠢ᠋ ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠ᠂ ᠨᠡ᠂ᠦ᠂ᠪᠠ᠆ᠶ᠋ᠢᠨ ᢈᠡᠦᢈᠡᠳ ᠦ᠋ᠨ ᠰᠠᠩ ᠰᠠᠨᠠᠭᠠᠴᠢᠯᠠᠭᠰᠠᠨ ᠪᠠ ᠲᠡᠰᠣ᠋ ᢉᠷᠦ᠋ᠫ ᠳᠡᠮᠵᠢᠯᢉᠡ ᠦᠵᠡᢉᠦᠯᠵᠦ ᠑᠐᠐᠂᠐᠐᠐ ᠠᠮ᠂ᠳ᠋ᠣᠯᠯᠠᠷ ᠤ᠋ᠨ ᠰᠠᠩᢈᠦᠵᠢᠯᠲᠡ ᠣᠯᠭᠤᠭᠰᠠᠨ᠃
