“ᠮᠣᠩᠭᠣᠯ ᠤ᠋ᠨ ᠮᠡᠳᠡᢉᠡᠯᠡᠯ ᠦ᠋ᠨ ᠲᠧᢈᠨᠣᠯᠣᢉᠢ᠆᠒᠐᠒᠕” ᠡᠷᠳᠡᠮ ᠰᠢᠨᠵᠢᠯᠡᢉᠡᠨ ᠦ᠋ ᠬᠤᠷᠠᠯ ᠪᠣᠯᠤᠯ᠎ᠠ

᠒᠐᠒᠕.᠐᠕.᠒᠗
ᠬᠤᠷᠠᠯ ᠤ᠋ᠨ ᢈᠦᠷᠢᠶᠡᠨ ᠳ᠋ᠦ “ᢈᠢᠮᠡᠯ ᠣᠶᠤᠨ”, “ᠻᠢᠪᠧᠷ ᠠᠶᠤᠯ ᠦᢉᠡᠢ ᠪᠠᠶᠢᠳᠠᠯ”, “ᠳ᠋ᠢᠵᠢᠲ᠋ᠠᠯ ᠻᠣᠨ᠋ᠸᠧᠷᠵᠢᠨ᠋ᠰ”, “ᠬᠣᠯᠪᠤᠭ᠎ᠠ ᠬᠠᠷᠢᠯᠴᠠᠭ᠎ᠠ᠂ ᠰᠦᠯᠵᠢᠶ᠎ᠡ”, “ᠲᠣᠭᠠᠴᠠᠭᠠᠯᠠᠯ᠂ ᠮᠡᠳᠡᢉᠡᠯᠡᠯ ᠦ᠋ᠨ ᠲᠧᢈᠨᠣᠯᠣᢉᠢ ᠶ᠋ᠢᠨ ᢈᠡᠷᠡᢉᠯᠡᢉᠡ”, “ᠡᢈᠡ ᢈᠡᠯᠡ ᠪᠣᠯᠪᠠᠰᠤᠷᠠᠭᠤᠯᠤᠯᠲᠠ”, “ᠻᠣᠮᠫᠶᠦ᠋ᠲ᠋ᠧᠷ ᠤ᠋ᠨ ᠬᠠᠷᠠᠭ᠎ᠠ”, “ᠳᠣᢈᠢᠶ᠎ᠠ ᠪᠣᠯᠪᠠᠰᠤᠷᠠᠭᠤᠯᠤᠯᠲᠠ᠂ ᠠᠦ᠋ᠲ᠋ᠣᠮᠠᠵᠢᠭᠤᠯᠤᠯᠲᠠ” ᢉᠡᠰᠡᠨ ᠰᠠᠯᠪᠤᠷᠢ ᠬᠤᠷᠠᠯᠳᠤᠭᠠᠨ ᠨᠤᠭᠤᠳ ᠪᠣᠯᠪᠠ᠃ ᠬᠤᠷᠠᠯ ᠳ᠋ᠤ ᠰᠢ‍᠂ᠤ‍᠂ᠠ‍᠂ᠶᠡ‍᠂ᠰᠤ‍᠂ ᠮᠣ‍᠂ᠤ‍᠂ᠶᠡ‍᠂ᠰᠤ‍᠂ ᠮᠣ‍᠂ᠤ‍᠂ᠪᠢ‍᠂ᠰᠤ‍᠂ ᠠ‍᠂ᠰᠢ‍᠂ᠤ‍᠂ᠶᠡ‍᠂ᠢ‍᠂ᠰᠤ‍᠂ ᠰᠡ‍᠂ᠽᠢᠰ᠂ ᢈᠥ‍᠂ᠠ‍᠂ᠠ‍᠂ᠶᠡ‍᠂ᠰᠤ‍᠂ᠳᠡ‍᠂ᠬᠤ‍᠂ᠢ‍᠂ᠰᠤ‍᠂ ᠦ‍᠂ᠪᠠ‍᠂ᢈᠥ‍᠂ᠢ‍᠂ᠰᠤ‍᠂ ᢈᠦᠷᠢᠶ᠎ᠡ ᠮᠣ‍᠂ᢈᠦ‍᠂ᠲᠧ‍᠂ᠳ᠋ᠡ‍᠂ᠰᠤ‍᠂ ᠨᠧᠰᠲ ᠡᠳᠦ᠋ᠻᠧᠶᠢᠱᠢᠨ᠋ ᠠᠶᠢᠲ ᠰᠤᠷᠭᠠᠭᠤᠯᠢ᠂ ᠣᠳᠬᠠᠨᠲᠩᠷᠢ ᠶᠡᢈᠡ ᠰᠤᠷᠭᠠᠭᠤᠯᠢ᠂ ᠤᠯᠤᠰ ᠤ᠋ᠨ ᠶᠡᢈᠡ ᠬᠤᠷᠠᠯ ᠤ᠋ᠨ ᠲᠠᠮᠠᠭ᠎ᠠ ᠶ᠋ᠢᠨ ᠭᠠᠵᠠᠷ᠂ᢈᠢᠯᠢ ᠬᠠᠮᠠᠭᠠᠯᠠᠬᠤ ᠶᠡᠷᠦᠩᢈᠡᠢ ᠭᠠᠵᠠᠷ ᠵᠡᠷᢉᠡ ᠳᠣᠲᠤᠭᠠᠳᠤ ᠶ᠋ᠢᠨ ᠶᠡᢈᠡ ᠰᠤᠷᠭᠠᠭᠤᠯᠢ᠂ᠲᠥᠷᠦ ᠶ᠋ᠢᠨ ᠪᠠᠶᠢᠭᠤᠯᠤᠯᠭ᠎ᠠ᠂ ᠡᠷᠳᠡᠮ ᠰᠢᠨᠵᠢᠯᠡᢉᠡᠨ ᠦ᠋ ᠪᠠᠶᠢᠭᠤᠯᠤᠯᠭ᠎ᠠ ᠨᠤᠭᠤᠳ᠂ᠮᠥᠨ ᠪᠦ‍᠂ᠨᠠ‍᠂ᠰᠤ‍᠆ᠤ᠋ᠨ ᠻᠸᠠᠩᠸᠣᠨ᠋ ᠶᠡᢈᠡ ᠰᠤᠷᠭᠠᠭᠤᠯᠢ᠂ ᠰᠠᠩᠮᠶᠣᠨ᠋ ᠶᠡᢈᠡ ᠰᠤᠷᠭᠠᠭᠤᠯᠢ᠂ᠶᠠᠫᠣᠨ᠋ ᠤᠯᠤᠰ ᠤ᠋ᠨ ᠱᠢᠪᠠᠦ᠋ᠷᠠ ᠲᠧᢈᠨᠣᠯᠣᢉᠢ ᠶ᠋ᠢᠨ ᠶᠡᢈᠡ ᠰᠤᠷᠭᠠᠭᠤᠯᠢ᠂ ᠻᠦᠮᠠᠮᠣᠲ᠋ᠣ᠋ ᠶᠡᢈᠡ ᠰᠤᠷᠭᠠᠭᠤᠯᠢ᠂ ᠷᠢᠼᠦ᠋ᠮᠧᠶᠢᠻᠠᠨ᠋ ᠶᠡᢈᠡ ᠰᠤᠷᠭᠠᠭᠤᠯᠢ ᠶ᠋ᠢᠨ ᠫᠷᠣᠹᠧᠰᠰᠣᠷ᠂ ᠰᠤᠳᠤᠯᠤᠭᠠᠴᠢᠳ ᠣᠷᠤᠯᠴᠠᠵᠤ ᠨᠡᠶᠢᠲᠡ ᠔᠕ ᠠᠮᠠᠨ ᠢᠯᠡᠳᢈᠡᠯ᠂ ᠓᠔ ᠦᠵᠡᢉᠦᠯᠦᠨ ᠢᠯᠡᠳᢈᠡᠯ ᠢ᠋ᠶᠡᠷ ᠰᠤᠳᠤᠯᠭᠠᠨ ᠤ᠋ ᠦᠷ᠎ᠡ ᠳ᠋ᠦᠩ ᠢ᠋ᠶᠡᠨ ᢈᠡᠯᠡᠯᠴᠡᢉᠦᠯᠦᠯ᠎ᠡ᠃

ᠶᠡᢈᠡ ᠥᢉᢉᠦᢉᠳᠡᠯ᠂ ᢈᠢᠮᠡᠯ ᠣᠶᠤᠨ ᠤ᠋ ᠴᠢᢉᠯᠡᠯ ᠢ᠋ᠶᠡᠷ ᠮᠣᠩᠭᠣᠯ ᠤᠯᠤᠰ ᠠ᠋ᠴᠠ ᠲᠥᠷᠦ ᠶ᠋ᠢᠨ ᠪᠣᠳᠤᠯᠭ᠎ᠠ ᠪᠠᠨ ᠲᠣᠳᠤᠷᠬᠠᠶᠢᠯᠠᠬᠤ᠂ᢈᠥᢉᠵᠢᠯ ᠦ᠋ᠨ ᠰᠲ᠋ᠷᠠᠲ᠋ᠧᢉᠢ ᠲᠥᠯᠦᠪᠯᠡᢉᠡ ᠭᠠᠷᠭᠠᠬᠤ ᠪᠠᠷ ᠠᠵᠢᠯᠯᠠᠵᠤ ᠪᠠᠶᠢᠭ᠎ᠠ ᠪᠥᢉᠡᠳ ᠴᠡ‍᠂ᠬᠤ‍᠂ᠢ‍᠂ᢈᠥ‍᠂ᠶᠠ‍ ᠊ ᠤ᠋ ᠢᠨ᠋᠊ᠨᠣᠸᠠᠼ ᠤ᠋ᠨ ᠪᠣᠳᠤᠯᠭ᠎ᠠ ᠵᠣᢈᠢᠴᠠᠭᠤᠯᠤᠯᠲᠠ ᠶ᠋ᠢᠨ ᠭᠠᠵᠠᠷ ᠤ᠋ᠨ ᠳᠠᠷᠤᠭ᠎ᠠ ᠫ‍᠂ᠮᠦᠩᢈᠡᠪᠠᠲᠤ ᠶᠡᢈᠡ ᠥᢉᢉᠦᢉᠳᠡᠯ᠂ ᢈᠢᠮᠡᠯ ᠣᠶᠤᠨ ᠤ᠋ ᠦᠨᠳᠦᠰᠦᠨ ᠦ᠋ ᠰᠲ᠋ᠷᠠᠲ᠋ᠧᢉᠢ ᠶ᠋ᠢᠨ ᠲᠥᠰᠦᠯ ᠢ᠋ᠶᠡᠨ ᠲᠠᠨᠢᠯᠴᠠᠭᠤᠯᠤᠭᠰᠠᠨ ᠶᠤᠮ᠃ ᠡᠨᠡ ᢈᠦ ᠡᠷᠳᠡᠮ ᠰᠢᠨᠵᠢᠯᠡᢉᠡᠨ ᠦ᠋ ᠬᠤᠷᠠᠯ ᠢ᠋ᠶᠠᠷ ᠵᠢᠯ ᠪᠦᠷᠢ ᠰᠢᠯᠢᠳᠡᢉ ᠢᠯᠡᠳᢈᠡᠯ ᠢ᠋ ᠰᠢᠯᠭᠠᠷᠠᠭᠤᠯᠵᠤ᠂ ᢈᠥ‍᠂ᠬᠠ‍᠂ᠵᠠ‍᠂ᠬᠠ‍᠆ᠤ᠋ ᠨᠡᠷᠡᠮᠵᠢᠲᠦ “ᠰᠢᠯᠢᠳᠡᢉ ᠰᠤᠳᠤᠯᠤᠭᠠᠴᠢ” ᠴᠣᠮᠤ᠂ ᠮᠥᠩᢉᠦᠨ ᠱᠠᠩᠨᠠᠯ ᠢ᠋ᠶᠠᠷ ᠱᠠᠩᠨᠠᠳᠠᠭ ᠤᠯᠠᠮᠵᠢᠯᠠᠯᠲᠠᠢ᠃ ᠡᠨᠡ ᠤᠳᠠᠭ᠎ᠠ ᠶ᠋ᠢᠨ ᠮᠮᠲ ᠒᠐᠒᠕ ᠬᠤᠷᠠᠯ ᠤ᠋ᠨ “ᠰᠢᠯᠢᠳᠡᢉ ᠰᠤᠳᠤᠯᠤᠭᠠᠴᠢ”᠆ᠪᠠᠷ ᠮᠣ‍᠂ᠤ‍᠂ᠶᠡ‍᠂ᠰᠤ‍᠆ᠶ᠋ᠢᠨ ᠮᠡᠳᠡᢉᠡᠯᠡᠯ ᠲᠧᢈᠨᠣᠯᠣᢉᠢ᠂ᠡᠯᠧᠻᠲ᠋ᠷᠣᠨᠢᠻ ᠦ᠋ᠨ ᠰᠤᠷᠭᠠᠭᠤᠯᠢ ᠶ᠋ᠢᠨ ᠠᠬᠠᠯᠠᠬᠤ ᠪᠠᠭᠰᠢ ᠳ᠋ᠣᠻᠲ᠋ᠣᠷ (Ph. D) ᠳᠡᠳ᠋ ᠫᠷᠣᠹᠧᠰᠰᠣᠷ ᠫ‍᠂ᠳᠠᠯᠠᠶᠢᠵᠢᠷᠭᠠᠯ᠂ ᠭ‍᠂ᠭᠠᠩᠲᠤᠯᠭ᠎ᠠ ᠨᠠᠷ “ᠥᠰᠦᠨ ᠨᠡᠮᠡᢉᠳᠡᢈᠦ ᠰᠲ᠋ᠣᠬᠠᠰᠲ᠋ᠢᠻ ᠪᠯᠣᠻ ᠵᠠᠭᠪᠤᠷ” ᠰᠡᠳᠦᠪᠲᠦ ᠢᠯᠡᠳᢈᠡᠯ ᠢ᠋ᠶᠡᠷ ᠰᠢᠯᠭᠠᠷᠠᠯ᠎ᠠ᠃ “ᠮᠮᠲ ᠒᠐᠒᠕” ᠬᠤᠷᠠᠯ ᠨᠢ ᠮᠡᠳᠡᢉᠡᠯᠡᠯ ᠦ᠋ᠨ ᠲᠧᢈᠨᠣᠯᠣᢉᠢ ᠶ᠋ᠢᠨ ᠴᠢᢉᠯᠡᠯ ᠢ᠋ᠶᠡᠷ ᠰᠤᠷᠭᠠᠯᠲᠠ᠂ᠰᠤᠳᠤᠯᠭᠠᠨ ᠤ᠋ ᠦᠶᠢᠯᠡ ᠠᠵᠢᠯᠯᠠᠭ᠎ᠠ ᠶᠠᠪᠤᠭᠤᠯᠵᠤ ᠪᠤᠢ ᠰᠤᠷᠭᠠᠭᠤᠯᠢ᠂ ᠪᠠᠶᠢᠭᠤᠯᠤᠯᠭ᠎ᠠ ᠨᠤᠭᠤᠳ ᠤ᠋ᠨ ᠡᠷᠳᠡᠮᠲᠡᠨ᠂ᠰᠤᠳᠤᠯᠤᠭᠠᠴᠢ᠂ ᠰᠠᠯᠪᠤᠷᠢ ᠶ᠋ᠢᠨ ᠠᠵᠢᠯᠲᠠᠨ ᠨᠤᠭᠤᠳ ᠤ᠋ᠨ ᠰᠤᠳᠤᠯᠭᠠᠨ ᠤ᠋ ᠦᠷ᠎ᠡ ᠳ᠋ᠦᠩ ᠢ᠋ᠶᠡᠨ ᢈᠡᠯᠡᠯᠴᠡᢉᠦᠯᠦᢉᠰᠡᠨ᠂ ᠰᠠᠨᠠᠯ ᠪᠣᠳᠤᠯ ᠢ᠋ᠶᠠᠨ ᠰᠣᠯᠢᠯᠴᠠᠭᠰᠠᠨ᠂ ᠮᠡᠳᠡᠯᢉᠡ ᠲᠦᢉᠡᢉᠡᢉᠰᠡᠨ ᠴᠢᠬᠤᠯᠠ ᠠᠴᠢ ᠬᠣᠯᠪᠤᠭᠳᠠᠯᠲᠠᠢ ᠠᠷᠭ᠎ᠠ ᢈᠡᠮᠵᠢᠶ᠎ᠡ ᠪᠣᠯᠪᠠ᠃