ᠬᠠᠷᠢᠯᠴᠠᠭᠠ ᠬᠣᠯᠪᠤᠭᠠᠨ ᠤ᠋ ᠵᠣᢈᠢᠴᠠᠭᠤᠯᠬᠤ ᠬᠣᠷᠢᠶᠠᠨ ᠠ᠋ᠴᠠ ᠵᠣᢈᠢᠶᠠᠨ ᠪᠠᠶᠢᠭᠤᠯᠳᠠᠭ ᠪᠦᠰᠡ ᠶ᠋ᠢᠨ ᠵᠥᠪᠯᠡᢉᠡᠨ ᠳ᠋ᠦ ᠡᠨᠡ ᠤᠳᠠᠭᠠ ᠪᠠᠷᠠᠭᠤᠨ ᠪᠦᠰᠡ ᠶ᠋ᠢᠨ ᠪᠠᠶᠠᠨ᠆ᠥᠯᠦᢉᠡᠢ᠂ᠭᠣᠪᠢ᠆ᠠᠯᠲᠠᠢ᠂ ᠵᠠᠪᠬᠠᠨ᠂ ᠤᠪᠰᠤ᠂ ᠬᠣᠪᠳᠤ ᠠᠶᠢᠮᠠᠭ ᠤ᠋ᠨ ᠲᠤᠰᠬᠠᠢ ᠵᠥᠪᠰᠢᠶᠡᠷᠡᠯ ᠡᠵᠡᠮᠰᠢᢉᠴᠢᠳ ᠬᠠᠮᠤᠷᠤᠭᠳᠠᠭᠰᠠᠨ ᠪᠥᢉᠡᠳ ᠐᠖ ᠳ᠋ᠤᠭᠠᠷ ᠰᠠᠷᠠ ᠶ᠋ᠢᠨ ᠑᠒᠆᠑᠓᠆ᠤ᠋ ᠪᠠᠶᠠᠨ᠆ᠥᠯᠦᢉᠡᠢ ᠠᠶᠢᠮᠠᠭ ᠤ᠋ᠨ ᠥᠯᠦᢉᠡᠢ ᠬᠣᠲᠠᠨᠠ ᠪᠣᠯᠤᠯᠠ᠃
ᠵᠥᠪᠯᠡᢉᠡᠨ ᠢ᠋ᠶᠡᠷ ᠬᠠᠷᠢᠯᠴᠠᠭᠠ ᠬᠣᠯᠪᠤᠭᠠᠨ ᠤ᠋ ᠰᠠᠯᠪᠤᠷᠢ ᠶ᠋ᠢᠨ ᠬᠠᠤᠯᠢ᠂ ᠡᠷᢈᠡ ᠵᠦᠢ᠂ᠵᠣᢈᠢᠴᠠᠭᠤᠯᠤᠯᠲᠠ ᠶ᠋ᠢᠨ ᠣᠷᠴᠢᠨ᠂ ᠵᠣᢈᠢᠴᠠᠭᠤᠯᠤᠯᠲᠠ ᠶ᠋ᠢᠨ ᠮᠧᠬᠠᠨᠢᠰᠮ ᠤ᠋ᠨ ᠣᠯᠠᠨ ᠤᠯᠤᠰ ᠤ᠋ᠨ ᢈᠥᢉᠵᠢᠯ ᠦ᠋ᠨ ᠬᠠᠨᠳᠤᠯᠭᠠ᠂ᠬᠠᠷᠢᠯᠴᠠᠭᠠ ᠬᠣᠯᠪᠤᠭᠠ᠂ ᠢᠨ᠋ᠲ᠋ᠧᠷᠨᠧᠲ᠂ ᠥᠷᢉᠡᠨ ᠨᠡᠪᠲᠡᠷᠡᢉᠦᠯᢉᠡ ᠶ᠋ᠢᠨ ᠦᠶᠢᠯᠡᠴᠢᠯᠡᢉᠡ᠂ᠲᠧᢈᠨᠣᠯᠣᢉᠢ ᠶ᠋ᠢᠨ ᢈᠥᢉᠵᠢᠯ᠂ ᠴᠠᠭᠠᠰᠢᠳᠠ ᠶ᠋ᠢᠨ ᠥᢉᠡᠷᠡᠴᠢᠯᠡᠯᠲᠡ ᠶ᠋ᠢᠨ ᠲᠠᠯᠠᠭᠠᠷ ᠢᠯᠡᠳᢈᠡᠯ ᠲᠠᠨᠢᠯᠴᠠᠭᠤᠯᠤᠭᠳᠠᠵᠤ᠂ ᠣᠷᠤᠨ ᠨᠤᠲᠤᠭ ᠳ᠋ᠠᢈᠢ ᠬᠠᠷᠢᠯᠴᠠᠭᠠ ᠬᠣᠯᠪᠤᠭᠠᠨ ᠤ᠋ ᠰᠦᠯᠵᠢᠶᠡ᠂ ᠦᠶᠢᠯᠡᠴᠢᠯᠡᢉᠡ ᠪᠣᠯᠤᠨ ᠥᠷᢉᠡᠨ ᠨᠡᠪᠲᠡᠷᠡᢉᠦᠯᢉᠡ ᠶ᠋ᠢᠨ ᢈᠥᢉᠵᠢᠯ ᠦ᠋ᠨ ᠲᠠᠯᠠᠭᠠᠷ ᠫᠠᠨᠧᠯ ᢈᠡᠯᠡᠯᠴᠡᢉᠦᠯᢉᠡ ᠥᠷᠨᠢᢉᠦᠯᠦᠯᠡ᠃ ᠮᠥᠨ ᠪᠠᠷᠠᠭᠤᠨ ᠪᠦᠰᠡ ᠶ᠋ᠢᠨ ᠠᠶᠢᠮᠠᠭ ᠤ᠋ᠳ ᠤ᠋ᠨ ᠲᠤᠰᠬᠠᠢ ᠵᠥᠪᠰᠢᠶᠡᠷᠡᠯ ᠡᠵᠡᠮᠰᠢᢉᠴᠢᠳ ᠦ᠋ᠨ ᠦᠶᠢᠯᠡ ᠠᠵᠢᠯᠯᠠᠭᠠᠨ ᠳ᠋ᠤ ᢈᠢᢉᠰᠡᠨ ᠲᠥᠯᠦᠪᠯᠡᢉᠡᠲᠦ ᠦᠵᠡᠯᢉᠡ ᢈᠢᠨᠠᠯᠲᠠ ᠶ᠋ᠢᠨ ᠠᠵᠢᠯ ᠤ᠋ᠨ ᠲᠠᠶᠢᠯᠤᠨ ᠢ᠋ ᠲᠠᠨᠢᠯᠴᠠᠭᠤᠯᠵᠤ᠂ᠲᠡᠳᠡᠨ ᠳ᠋ᠦ ᠮᠡᠷᢉᠡᠵᠢᠯ ᠠᠷᠭᠠ ᠵᠦᠢ ᠶ᠋ᠢᠨ ᠵᠥᠪᠯᠡᢉᠡ ᠥᢉᠴᠦ᠂ ᠳᠡᠯᢉᠡᠷᠡᠩᢉᠦᠢ ᠵᠥᠪᠯᠡᠮᠵᠢ ᠶ᠋ᠢ ᠲᠤᠰᠬᠠᠢ ᠵᠥᠪᠰᠢᠶᠡᠷᠡᠯ ᠡᠵᠡᠮᠰᠢᢉᠴᠢ ᠲᠤᠰ ᠪᠦᠷᠢ ᠳ᠋ᠦ ᠠᠯᠪᠠᠨ ᠶᠣᠰᠤᠭᠠᠷ ᢈᠦᠷᢉᠡᢉᠦᠯᢈᠦ ᠪᠡᠷ ᠪᠣᠯᠪᠠ᠃ ᠵᠥᠪᠯᠡᢉᠡᠨ ᠳ᠋ᠦ ᠣᠷᠤᠯᠴᠠᠭᠴᠢᠳ ᠤ᠋ᠨ ᠰᠠᠨᠠᠭᠠᠴᠢᠯᠭᠠ ᠪᠠᠷ ᠵᠥᠪᠯᠡᢉᠡᠨ ᠦ᠋ ᠵᠥᠪᠯᠡᠮᠵᠢ ᠭᠠᠷᠴᠤ᠂ᢈᠥ᠂ᠬᠠ᠂ᠵᠠ᠂ᠬᠠ᠂ ᠪᠠᠷᠠᠭᠤᠨ ᠪᠦᠰᠡ ᠶ᠋ᠢᠨ ᠣᠷᠤᠨ ᠨᠤᠲᠤᠭ ᠤ᠋ᠨ ᠵᠠᢈᠢᠷᠭᠠᠨ ᠤ᠋ ᠬᠣᠯᠪᠤᠭᠳᠠᠬᠤ ᠪᠠᠶᠢᠭᠤᠯᠤᠯᠭᠠ᠂ᠮᠡᠳᠡᢉᠡᠯᠡᠯ ᠬᠣᠯᠪᠤᠭᠠᠨ ᠤ᠋ ᠣᠫᠧᠷᠠᠲ᠋ᠣᠷ ᠤ᠋ᠳ ᠤ᠋ᠨ ᠠᠰᠰᠣᠼᠢᠠᠼᠢ ᠬᠣᠭᠤᠷᠤᠨᠳᠤ ᠭᠤᠷᠪᠠᠨ ᠲᠠᠯᠠᠲᠤ ᠰᠠᠨᠠᠮᠵᠢ ᠪᠢᠴᠢᢉ ᠪᠠᠶᠢᠭᠤᠯᠵᠤ ᠵᠤᠷᠪᠤᠰ ᠭᠠᠵᠠᠷ ᠤ᠋ᠨ ᠬᠠᠮᠠᠭᠠᠯᠠᠯᠲᠠ᠂ᠭᠠᠵᠠᠷ ᠵᠣᢈᠢᠶᠠᠨ ᠪᠠᠶᠢᠭᠤᠯᠤᠯᠲᠠ᠂ ᠠᠯᠤᠰᠯᠠᠭᠳᠠᠭᠰᠠᠨ ᠰᠠᠭᠤᠷᠢᠰᠢᠯ ᠢ᠋ ᠰᠦᠯᠵᠢᠶᠡᠨ ᠳ᠋ᠦ ᠬᠣᠯᠪᠤᠬᠤ ᠴᠢᢉᠯᠡᠯ ᠢ᠋ᠶᠡᠷ ᠬᠠᠮᠲᠤᠷᠠᠨ ᠠᠵᠢᠯᠯᠠᠬᠤ ᠲᠤᠬᠠᠢ ᠲᠤᠰᠬᠠᠬᠤ ᠶ᠋ᠢ ᠳᠤᠷᠠᠳᠴᠡᠢ᠃ ᢈᠥ᠂ᠬᠠ᠂ᠵᠠ᠂ᠬᠠ ᠨᠢ ᠵᠥᠪᠯᠡᢉᠡᠨ ᠦ᠋ ᠦᠶᠡ ᠪᠡᠷ ᠦᠶᠢᠯᠡᠴᠢᠯᠡᢉᠡ ᠡᠷᢈᠢᠯᠡᢉᠴᠢᠳ ᠦ᠋ᠨ ᠳᠡᠪᠰᠢᢉᠦᠯᠦᢉᠰᠡᠨ ᠠᠰᠠᠭᠤᠳᠠᠯ ᠪᠦᠷᠢ ᠶ᠋ᠢ ᠠᠪᠴᠤ ᠦᠵᠡᠨ᠂ᠰᠢᠢᠳᠪᠦᠷᠢᠯᠡᢈᠦ ᠴᠢᢉᠯᠡᠯ ᠢ᠋ᠶᠡᠷ ᠲᠥᠯᠦᠪᠯᠡᢉᠡ ᠭᠠᠷᠭᠠᠨ ᠠᠵᠢᠯᠯᠠᠬᠤ ᠪᠥᢉᠡᠳ ᠡᠷᢉᠢᢈᠦ ᠬᠣᠯᠪᠤᠭᠠ ᠶ᠋ᠢ ᠦᠷᠡ ᠳ᠋ᠦᠩᠲᠡᠢ ᠵᠣᢈᠢᠶᠠᠨ ᠪᠠᠶᠢᠭᠤᠯᠵᠤ᠂ ᠮᠡᠳᠡᢉᠡᠯᠡᠯ ᠢ᠋ ᠢᠯᠡ ᠲᠣᠳᠤ ᠬᠠᠷᠢᠯᠴᠠᠨ ᠰᠣᠯᠢᠯᠴᠠᠵᠤ ᠠᠵᠢᠯᠯᠠᠨᠠ᠃
